ᠰᠤᠳᠤᠨ ᠰᠤᠨᠤᠰᠬᠤᠯᠠᠩ ᠪᠤᠯᠤᠭᠰᠠᠨ ᠠᠭᠤᠤ ᠤᠷᠠᠯᠢᠭ — ᠠᠰᠤᠷᠤ ᠠᠶᠠᠯᠭᠤ ᠶᠢᠨ ᠲᠤᠬᠠᠢ ᠪᠢᠴᠭ᠍ᠰᠠᠨ | ᠲᠤᠰ ᠲᠠᠭᠤᠤ ᠢ ᠨᠠᠰᠤᠨ ᠭᠤᠸᠠᠢ᠂ ᠮᠤᠩᠭᠤᠯ ᠤᠯᠤᠰ ᠤᠨ ᠨᠠᠷᠡᠳᠦ ᠬᠦᠭᠵᠢᠮ ᠤᠨᠨᠠᠶᠢᠷᠠᠭᠤᠯᠤᠭᠴᠢ᠂ ᠬᠦᠭᠵᠢᠮ | ᠤᠨ ᠵᠤᠬᠢᠶᠠᠯᠴᠢ ᠠᠯᠳᠠᠬᠤᠶᠠᠭ ᠵᠢᠴᠢ ᠬᠦᠪᠡᠭᠡᠲᠦ ᠰᠢᠷ᠎ᠠ ᠬᠤᠰᠢᠭᠤ ᠪᠠᠷ ᠨᠤᠲᠤᠭᠳᠠᠢ ᠲᠠᠭᠤᠴᠢᠨ ᠤᠷᠢᠬᠠᠨ ᠲᠠᠢ | ᠬᠠᠮᠳᠤ ᠪᠠᠷ ᠪᠦᠳᠦᠭᠡᠵᠡᠢ᠃ | ᠰᠠᠶᠢᠬᠠᠨ ᠬᠦᠮᠦᠨ ᠳᠤ ᠣ ᠢᠯᠡᠭᠦᠳᠡᠬᠦ ᠲᠠᠢ ᠠᠳᠠᠯᠢ ᠪᠠᠷ ᠰᠠᠶᠢᠬᠠᠨ ᠲᠠᠭᠤᠨ ᠳᠤ ᠰᠤᠨᠵᠢᠷᠠᠭᠰᠠᠨ ᠣᠷᠳᠤ | ᠲᠠᠨᠢᠯᠴᠠᠭᠤᠯᠭ᠎ᠠ ᠬᠡᠷᠡᠭ ᠦᠭᠡᠢ ᠪᠠᠶᠢᠬ᠎ᠠ᠃ ᠲᠡᠭᠡᠯ᠎ᠡ ᠴᠤ ᠭᠡᠰᠡᠨ ᠨᠠᠰᠤᠨ ᠭᠤᠸᠠᠢ ᠨᠠᠰᠤ ᠠᠬᠢᠬᠤ ᠲᠤᠳᠤᠮ ᠢᠶᠠᠨ | ᠦᠨᠡᠳᠦ ᠦᠪ ᠤᠯᠠᠮᠵᠢᠯᠠᠯ ᠤᠨ ᠢᠶᠠᠨ ᠲᠤᠬᠠᠢ ᠦᠨ᠎ᠡ ᠲᠠᠢ ᠴᠠᠨ᠎ᠠ ᠲᠠᠢ ᠪᠦᠳᠦᠭᠡᠯ ᠲᠤᠭᠤᠷᠪᠢᠵᠤ᠂ ᠤᠷᠠᠨ | ᠪᠦᠳᠦᠭᠡᠯ ᠳᠤ ᠵᠤᠷᠢᠭᠤᠯᠤᠭᠰᠠᠨ ᠬᠠᠶᠢᠷ᠎ᠠ ᠪᠠᠭ᠋ᠠᠷᠬᠠᠯ ᠢᠶᠠᠨ ᠠᠷᠠᠳ ᠤᠯᠠᠨ ᠲᠠᠢ ᠪᠠᠨ ᠡᠳ᠋ᠯᠡᠬᠦ ᠲᠠᠭᠤᠤ ᠪᠤᠯᠭᠠᠵᠤ᠂ ︽ | ᠠᠰᠤᠷᠤ︾ ᠶᠢᠨ ︽ᠠᠰᠠᠷ︾ ᠴᠤᠭᠴᠠᠯᠠᠵᠤ ᠶᠠᠪᠤᠭ᠎ᠠ ᠳᠤ ᠨᠢ ᠪᠠᠭ᠋ᠠᠷᠬᠠᠨᠠᠮ᠂ ᠪᠢᠰᠢᠷᠠᠨᠡᠮ᠃ | ᠬᠦᠭᠵᠢᠮ ᠢ ᠮᠤᠩᠭᠤᠯ ᠤᠯᠤᠰ ᠤᠨ ᠨᠠᠷᠡᠳᠦ ᠬᠦᠭᠵᠢᠮ ᠤᠨ ᠨᠠᠶᠢᠷᠠᠭᠤᠯᠤᠭᠴᠢ᠂ ᠬᠦᠭᠵᠢᠮ ᠤᠨ | ᠵᠤᠬᠢᠶᠠᠯᠴᠢ᠂ ᠮᠤᠩᠭᠤᠯ ᠤᠯᠤᠰ ᠤᠨ ᠰᠤᠶᠤᠯ ᠤᠨ ᠲᠡᠷᠢᠬᠦᠨ ᠤ ᠠᠵᠢᠯᠳᠠᠨ᠂ ᠮᠤᠩᠭᠤᠯ ᠤᠯᠤᠰ ᠤᠨ ᠵᠠᠰᠠᠭ ᠤᠨ | ᠤᠷᠳᠤᠨ ᠤ ︽ᠲᠤᠬᠢᠭᠤᠷ ᠲᠤᠯᠤᠭᠠᠨ ᠤᠳᠤ︾᠂ ᠮᠤᠩᠭᠤᠯ ᠤᠯᠤᠰ ᠤᠨ ᠬᠦᠳᠡᠯᠮᠦᠷᠢ ᠶᠢᠨ ᠭᠠᠪᠢᠶᠠᠳᠠᠨ | ᠪᠡᠭᠵᠢᠰᠦ᠋ᠷᠦᠩ ᠤᠨ ᠠᠯᠳᠠᠨᠬᠤᠶᠠᠭ ᠵᠤᠬᠢᠶᠠᠵᠤ᠂ ᠮᠠᠨ ᠤ ᠤᠷᠤᠨ ᠤ ᠵᠠᠯᠠᠭᠤ ᠲᠠᠭᠤᠴᠢᠨ᠂ ᠬᠦᠪᠡᠭᠡᠲᠦ ᠰᠢᠷ᠎ᠠ | ᠨᠤᠲᠤᠭᠳᠠᠢ ᠤᠷᠢᠬᠠᠨ ᠲᠠᠭᠤᠯᠤᠭᠰᠠᠨ ᠶᠤᠮ᠃ | | | ᠠᠰᠤᠷᠤ ᠦᠨᠳᠦᠷ ᠠᠶᠠᠯᠭᠤ | ᠦᠭᠡ᠄ ᠨᠠᠰᠤᠨ | ᠠᠶ᠎ᠠ᠄ ᠠᠯᠳᠠᠨᠬᠤᠶᠠᠭ ︵ᠮᠤᠩᠭᠤᠯ ᠤᠯᠤᠰ︶ | ᠲᠠᠭᠤᠴᠢᠨ᠄ ᠤᠷᠢᠬᠠᠨ | ᠱᠠᠰᠳᠢᠷ ᠽᠠᠨᠳᠠᠨ ᠬᠤᠭᠤᠷ ᠢ ᠨᠢ ᠬᠦ᠋ | ᠬᠢᠭᠠᠰᠤᠨ ᠤ ᠦᠵᠦᠭᠦᠷ ᠶᠦᠷᠭᠡᠬᠦᠯᠦᠨ | ᠱᠠᠨᠵᠠ ᠤ ᠭᠤᠷᠪᠠᠨ ᠶᠣᠩᠬᠤᠷ ᠢ ᠨᠢ ᠬᠦ᠋ | ᠬᠢᠮᠦᠰᠦᠨ ᠤ ᠲᠤᠯᠢᠶᠠᠨ ᠳᠤ ᠲᠡᠷᠭᠡᠬᠦᠯᠦᠨ | ᠰᠢᠷᠭᠠᠯ ᠨᠠᠷᠠᠨ ᠴᠢᠩᠨᠠᠬᠤ | ᠠᠰᠤᠷᠤ ᠦᠨᠳᠦᠷ ᠠᠶᠠᠯᠭᠤ ᠪᠠᠨ | ᠰᠢᠨᠳᠠᠷᠠᠰᠢ ᠦᠭᠡᠢ ᠰᠠᠶᠢᠬᠠᠨ ᠤᠷᠮ᠎ᠠ ᠪᠠᠷ | ᠬᠦᠭᠯᠡᠨ ᠪᠠᠶᠢᠵᠤ ᠡᠬᠢᠯᠡᠭᠡ ᠪᠤᠢ︖ | ᠠᠯᠠᠭ ᠯᠢᠩᠪᠦ ᠶᠢᠨ ᠠᠶᠠᠰ ᠢ ᠨᠢ ᠬᠦ᠋ | ᠦᠨᠳᠦᠭᠡᠨ ᠤ ᠬᠡ ᠪᠠᠷ ᠴᠠᠬᠢᠯᠠᠭᠤᠯᠤᠨ᠂ | ᠠᠳᠤᠭᠤᠴᠢᠨ ᠬᠤᠪᠢᠰ ᠤᠨ ᠤᠳᠠᠰᠤ ᠶᠢ ᠨᠢ ᠬᠦ᠋ | ᠬᠤᠷᠤᠭᠤᠨ ᠤ ᠠᠶ᠎ᠠ ᠪᠠᠷ ᠲᠡᠷᠬᠢᠭᠤᠯᠤᠨ | ᠠᠮᠠᠷᠠᠭ ᠰᠡᠳᠬᠢᠯ ᠰᠦᠵᠢᠷᠡᠬᠦ | ᠠᠰᠤᠷᠤ ᠦᠨᠳᠦᠷ ᠠᠶᠠᠯᠭᠤ ᠪᠠᠨ | ᠠᠭᠤᠤ ᠶᠡᠭᠡ ᠬᠠᠶᠢᠷ᠎ᠠ ᠪᠠᠷ | ᠠᠶᠠᠯᠠᠭᠤᠯᠤᠨ ᠪᠠᠶᠢᠵᠤ ᠲᠠᠷᠤᠭ᠎ᠠ ᠪᠤᠢ︖ | ᠶᠠᠳᠤᠭ᠎ᠠ ᠶᠢᠨ ᠠᠯᠳᠠᠨ ᠲᠡᠭᠬᠡ ᠶᠢ ᠨᠢ ᠬᠦ᠋ | ᠤᠶᠠᠩᠭ᠎ᠠ ᠶᠢᠨ ᠬᠤᠷᠸ᠎ᠠ ᠳᠤ ᠨᠠᠶᠢᠭᠤᠭᠤᠯᠤᠨ | ᠶᠠᠩᠵᠤᠳᠠᠢ ᠰᠠᠶᠢᠬᠠᠨ ᠬᠦᠭᠵᠢᠮ ᠨᠢ ᠬᠦ᠋ | ᠡᠭᠡᠰᠢᠭ ᠤᠨ ᠲᠡᠭᠷᠢ ᠳᠤ ᠨᠠᠶᠢᠯᠡᠬᠦᠯᠦᠨ | ᠶᠠᠩᠵᠢᠯᠾᠮᠤ ᠵᠠᠯᠪᠢᠷᠠᠬᠤ | ᠠᠰᠠᠷᠤ ᠦᠨᠳᠦᠷ ᠠᠶᠠᠯᠭᠤ ᠪᠠᠨ | ᠶᠠᠮᠠᠷ ᠰᠠᠶᠢᠬᠠᠨ ᠠᠵᠠ ᠪᠠᠷ | ᠬᠤᠭᠤᠷᠳᠠᠨ ᠰᠠᠭᠤᠵᠤ ᠵᠢᠷᠭᠠᠭ᠎ᠠ ᠪᠤᠢ ᠬᠦ᠋᠃ |