ᠲᠡᠷᠢᠬᠦᠨ ᠰᠤᠮᠤᠨ ᠤ ᠤᠪᠤᠭ᠎ᠠ
ᠨᠡᠶᠢᠲᠡᠯᠡᠭᠰᠡᠨ ᠴᠠᠭ᠄
2019/12/5
     ᠪᠠᠶᠠᠨᠳᠠᠯ᠎ᠠ ᠪᠠᠯᠭᠠᠰᠤᠨ ᠤ ᠲᠦᠪ ᠡᠷᠢᠬᠡ ᠶᠢᠨ ᠲᠤᠯᠤᠭᠠᠢ ᠠᠴᠠ ᠡᠮᠦᠨᠡᠰᠢ 21 ᠺᠢᠯᠤᠮᠧᠲᠷ ᠵᠠᠶᠢᠳᠠᠢ᠂ ᠬᠠᠨ ᠠᠭᠤᠯᠠ ᠭᠠᠴᠠᠭᠠᠨ ᠤ ᠭᠠᠭᠴᠠ ᠮᠤᠳᠤ ᠬᠤᠳᠠᠨ ᠤ ᠵᠡᠬᠦᠨ ᠡᠮᠦᠨ᠎ᠡ ᠠᠭᠤᠯᠠᠨ ᠤᠷᠬᠢᠯ ᠲᠡᠭᠡᠷ᠎ᠡ ᠪᠠᠶᠢᠷᠢᠯᠠᠵᠤ ᠪᠤᠢ ᠲᠤᠰ ᠤᠪᠤᠭ᠎ᠠ ᠨᠢ ᠤᠤᠯ ᠤᠨ ᠬᠦᠪᠡᠭᠡᠲᠦ ᠰᠢᠷ᠎ᠠ ᠬᠤᠰᠢᠭᠤᠨ ᠤ ᠲᠡᠷᠢᠬᠦᠨ ᠰᠤᠮᠤᠨ ᠤ ᠤᠷᠤᠢ ᠤᠨ ᠴᠢᠮᠡᠭ ᠪᠤᠯᠤᠭᠰᠠᠨ ᠰᠢᠳᠦᠭᠡᠨᠲᠦ ᠤᠪᠤᠭ᠎ᠠ ᠪᠤᠯᠤᠨ᠎ᠠ᠃ ᠲᠡᠷᠢᠬᠦᠨ ᠰᠤᠮᠤᠨ ᠤ ᠬᠢᠨ ᠶᠡᠷᠦ ᠳᠤ ᠪᠠᠨ ︽ᠲᠡᠷᠢᠬᠦᠨ ᠤᠪᠤᠭ᠎ᠠ︾ ᠬᠡᠵᠤ ᠲᠠᠭᠤᠳᠠᠳᠠᠭ᠃ ᠡᠨᠡ ᠤᠪᠤᠭ᠎ᠠ ᠶᠢ ᠲᠡᠷᠢᠬᠦᠨ ᠰᠤᠮᠤᠨ ᠤ ᠬᠠᠰᠢᠶᠠᠳᠤ ᠤᠪᠤᠭᠳᠠᠨ ᠤ ᠡᠷᠳᠡᠨ ᠠᠴᠠ ᠠᠪᠤᠭᠠᠳ ᠲᠠᠬᠢᠭᠰᠠᠭᠠᠷ ᠢᠷᠡᠭᠰᠡᠨ ᠤᠪᠤᠭ ᠲᠦᠷᠦᠯ ᠤᠨ ᠤᠪᠤᠭ᠎ᠠ ᠶᠤᠮ᠃      ᠲᠡᠷᠢᠬᠦᠨ ᠰᠤᠮᠤᠨ ᠤ ᠤᠪᠤᠭ᠎ᠠ ᠶᠢ 20 ᠳ᠋ᠤᠭᠠᠷ ᠵᠠᠭᠤᠨ ᠤ ᠭᠤᠴᠢᠭᠠᠳ ᠤᠨ ᠬᠦᠷᠳᠡᠯ᠎ᠡ ᠡᠷᠳᠡᠨ ᠤ ᠤᠯᠠᠮᠵᠢᠯᠠᠯ ᠢᠶᠠᠷ ᠲᠠᠬᠢᠵᠤ ᠪᠠᠶᠢᠭᠰᠠᠨ ᠮᠡᠳᠡᠭᠡ ᠰᠤᠷᠠᠭ ᠪᠤᠢ᠃ ᠡᠬᠦᠨ ᠠᠴᠠ ᠬᠤᠶᠢᠰᠢ ᠵᠢᠩᠬᠢᠨᠢ ᠲᠠᠬᠢᠯᠭ᠎ᠠ ᠨᠢ ᠨᠢᠭᠡ ᠦᠶ᠎ᠡ ᠲᠠᠰᠤᠯᠳᠠᠵᠤ᠂ ︽ᠰᠤᠶᠤᠯ ᠤᠨ ᠶᠡᠭᠡ ᠬᠤᠪᠢᠰᠬᠠᠯ︾᠎ ᠤᠨ ᠲᠤᠮᠳᠠ ᠤᠪᠤᠭ᠎ᠠ ᠤᠩᠭᠤᠳ ᠨᠢ ᠨᠤᠷᠠᠭᠠᠭᠳᠠᠨ᠂ ᠲᠠᠬᠢᠯᠭ᠎ᠠ ᠨᠢ ᠨᠢᠭᠡᠮᠦᠰᠦᠨ ᠲᠠᠰᠤᠷᠠᠵᠠᠢ᠃ 1996 ᠤᠨ ᠠᠴᠠ ᠡᠬᠢᠯᠡᠨ ᠬᠠᠭᠤᠴᠢᠨ ᠲᠡᠷᠢᠬᠦᠨ ᠰᠤᠮᠤᠨ ᠤ ᠲᠦᠷᠦᠯ ᠤᠭᠰᠠᠭᠠᠨ ᠤ ᠬᠢᠨ ᠤᠪᠤᠭᠠᠨ ᠱᠦᠩ ᠢ ᠬᠦᠭᠡᠨᠡᠭᠤᠷ ᠠᠴᠠ ᠠᠮᠢᠯᠠᠭᠤᠯᠤᠨ ᠠᠪᠴᠢᠷᠠᠵᠤ᠂ ᠮᠦᠨ ᠵᠢᠯ ᠤᠨ ᠪᠢᠯᠢᠭ ᠎ ᠤᠨ ᠤᠯᠠᠷᠢᠯ ᠤᠨ ᠲᠠᠪᠤᠨ ᠰᠠᠷ᠎ᠠ ᠶᠢᠨ ᠰᠢᠨ᠎ᠡ ᠶᠢᠨ ᠶᠢᠰᠦᠨ ᠤ ᠡᠳᠦᠷ ᠰᠢᠳᠦᠭᠡᠨᠲᠦ ᠤᠪᠤᠭ᠎ᠠ ᠪᠠᠨ ᠤᠤᠯ ᠪᠠᠭᠤᠷᠢᠨ ᠎ ᠳᠤ ᠨᠢ ᠴᠤᠭᠴᠠᠯᠠᠨ ᠪᠠᠶᠢᠭᠤᠯᠵᠤ᠂ ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠦᠷ ᠤᠪᠤᠭ᠎ᠠ ᠰᠡᠷᠭᠦᠭᠡᠭᠰᠡᠨ ᠤ ᠲᠠᠷᠠᠭᠠᠬᠢ ᠠᠩᠬᠠᠳᠤᠭᠴᠢ ᠲᠠᠬᠢᠯᠭ᠎ᠠ ᠪᠠᠨ ᠦᠢᠯᠡᠳᠦᠨ ᠶᠠᠪᠤᠳᠠᠭᠤᠯᠵᠠᠢ᠃ ᠡᠬᠦᠨ ᠠᠴᠠ ᠬᠤᠶᠢᠰᠢ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠦᠷ᠂ ᠲᠡᠷᠢᠬᠦᠨ ᠤᠪᠣᠭᠠᠨ ᠤ ᠲᠠᠬᠢᠯᠭ᠎ᠠ ᠶᠢ ᠬᠢᠵᠤ᠂ ᠬᠤᠯᠠ ᠤᠶᠢᠷ᠎ᠠ ᠶᠢᠨ ᠬᠦᠮᠦᠰ ᠬᠦᠷᠦᠯᠴᠡᠨ ᠢᠷᠡᠵᠤ᠂ ᠤᠪᠤᠭᠠᠨ ᠳᠤ ᠰᠦᠵᠢᠳᠯᠡᠨ ᠲᠠᠭᠠᠳᠬᠠᠳᠠᠭ ᠪᠣᠯᠪᠠ  ᠃
 
ᠢᠷᠡᠯᠲᠡ᠄ ︽ᠬᠦᠪᠡᠭᠡᠲᠦ ᠰᠢᠷ᠎ᠠ ᠬᠤᠰᠢᠭᠤᠨ ᠤ ᠣᠪᠣᠭ᠎ᠠ ᠤᠷᠣᠳ ᠤᠨ ᠴᠢᠭᠤᠯᠭᠠᠨ︾ ᠭᠡᠬᠦ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号