ᠮᠣᠩᠭᠤᠯ ᠳ᠋ᠠᠨᠵᠤᠤᠷ ᠪᠢᠴᠢᠭ ᠪᠤᠯ ᠲᠦᠪᠡᠳᠤᠨ ᠬᠤᠶᠠᠷ ᠶᠡᠭᠡ ᠭᠦᠯᠭᠡᠨ ᠰᠤᠳᠤᠷ ᠤᠨ ᠨᠢᠭᠡ ᠪᠤᠯᠤᠨ᠎ᠠ᠃ | ᠲᠦᠪᠡᠳ ᠤᠨ ᠶᠡᠭᠡ ᠬᠦᠯᠬᠡᠨ ᠰᠤᠳᠤᠷ ᠢ ︽ᠵᠠᠷᠯᠢᠭ ᠤᠨ ᠤᠷᠴᠢᠭᠤᠯᠭ᠎ᠠ︾ᠪᠤᠯᠤᠨ ︽ᠱᠠᠰᠲᠢᠷ ᠤᠨ ᠤᠷᠴᠢᠭᠤᠯᠭ᠎ᠠ︾ | ᠭᠡᠮᠡᠬᠦ ᠬᠤᠶᠠᠷ ᠬᠡᠰᠡᠭ ᠬᠤᠪᠢᠶᠠᠨ᠎ᠠ᠃ ᠠᠪᠢᠶᠠᠴᠢᠯᠠᠨ ᠤᠷᠴᠢᠭᠤᠯᠪᠠᠯ᠂ ︽ᠭᠠᠨᠵᠤᠤᠷ︾᠂ ︽ᠳ᠋ᠠᠨᠵᠤᠤᠷ︾ ᠪᠤᠯᠤᠨ᠎ᠠ᠃ | ︽ᠭᠠᠨ︾ ᠭᠡᠳᠡᠭ ᠨᠢ ᠵᠠᠷᠯᠢᠭ ᠭᠡᠬᠦ ᠤᠳᠬ᠎ᠠ ᠲᠠᠢ᠂ ︽ᠳ᠋ᠠᠨ︾ ᠨᠢ ᠱᠠᠰᠲᠢᠷ ᠭᠡᠬᠦ ᠤᠳᠬ᠎ᠠ ᠲᠠᠢ᠂ ︽ᠵᠤᠤᠷ︾ | ᠨᠢ ᠤᠷᠴᠢᠭᠤᠯᠭ᠎ᠠ ᠭᠡᠬᠦ ᠤᠳᠬ᠎ᠠ ᠲᠠᠢ᠃ ᠭᠠᠨᠵᠤᠤᠷ ᠢ ᠪᠠᠰᠠ ᠭᠤᠤᠯ ᠰᠤᠳᠤᠷ ᠭᠡᠵᠦ᠂ ᠳ᠋ᠠᠨᠵᠤᠤᠷ ᠢ ᠳᠡᠳ᠋ ᠰᠤᠳᠤᠷ | ᠂ ᠦᠷᠭᠦᠯᠵᠢᠯᠡᠯ ᠭᠡᠰᠡᠭ ᠭᠡᠨ᠎ᠡ᠃ | ᠲᠦᠪᠡᠳ ᠤᠨ ᠯᠠᠮᠠ ᠲᠠᠭᠠᠯᠠᠯ ᠲᠡᠭᠦᠰᠬᠦ ᠦᠶᠡᠰ᠂ ᠬᠦᠪᠡᠭᠡᠲᠤ ᠰᠢᠷ᠎ᠡ ᠬᠤᠰᠢᠭᠤᠨ ᠤ ᠬᠠᠶ᠋ᠢᠩᠬᠢᠷᠸ᠎ᠠ | ᠰᠦᠮ᠎ᠡ ᠶᠢᠨ19 ᠨᠠᠰᠤᠲᠠᠢ ᠵᠢᠭᠠᠯ ᠯᠠᠮᠠ ᠰᠡᠴᠡᠨ ᠢ ᠲᠦᠷᠦᠯ ᠠᠯᠵᠢᠭᠰᠠᠨ ᠬᠤᠪᠢᠯᠭᠠᠨ ᠢᠶᠠᠷ ᠰᠤᠩᠭᠤᠨ | ᠲᠤᠳᠤᠷᠠᠭᠤᠯᠤᠭᠰᠠᠨ ᠪᠠᠶᠢᠨ᠎ᠠ᠃ ᠴᠢᠩ ᠤᠨ ᠲᠡᠭᠷᠢ ᠲᠡᠳᠭᠦᠭᠴᠢ ᠶᠢᠨ ᠨᠠᠢᠮᠠᠳᠤᠭᠠᠷ ᠤᠨ ᠳᠤ ᠰᠡᠴᠡᠨ ᠭᠡᠭᠡᠨ ︽ | ᠭᠠᠨᠵᠤᠤᠷ︾ᠰᠤᠳᠤᠷ ᠢ ᠵᠠᠯᠠᠵᠦ᠂ ᠲᠡᠭᠷᠢ ᠲᠡᠳᠭᠦᠭᠴᠢ ᠶᠢᠨ ᠲᠠᠪᠢᠨ ᠵᠢᠷᠭᠤᠳᠤᠭᠠᠷ ᠤᠨ ᠳᠤ ᠴᠢᠩ ᠭᠤᠤᠽᠦᠩ | ᠠᠴᠠ ᠰᠡᠴᠡᠨ ᠭᠡᠭᠡᠨ ᠳᠤ ᠡᠷᠭᠦᠮᠵᠢᠯᠡᠯ ᠬᠦᠷᠲᠡᠭᠡᠭᠰᠡᠨ ᠮᠦᠷᠲᠡᠭᠡᠨ ᠮᠤᠩᠭᠤᠯ ︽ᠳ᠋ᠠᠨᠵᠤᠤᠷ︾ᠰᠤᠳᠤᠷ | ᠰᠤᠶᠤᠷᠬᠠᠭᠰᠠᠨ ᠪᠠᠶᠢᠨ᠎ᠠ᠃ | ᠮᠤᠩᠭᠤᠯ ︽ᠳ᠋ᠠᠨᠵᠤᠤᠷ︾ ᠰᠤᠳᠤᠷ ᠪᠤᠯ ᠮᠠᠨ ᠤ ᠤᠯᠤᠰ ᠪᠤᠯᠤᠨ ᠮᠠᠨ ᠤ ᠤᠷᠤᠨ ᠤ ᠦᠨᠳᠦᠰᠦᠲᠡᠨ ᠤ | ᠴᠢᠬᠤᠯᠠᠰᠤᠶᠤᠯ ᠤᠨᠦᠪ ᠪᠤᠯᠤᠨ᠎ᠠ᠃ ᠬᠦᠪᠡᠭᠡᠲᠤ ᠰᠢᠷ᠎ᠠ ᠬᠤᠰᠢᠭᠤᠨ ᠤ ᠬᠠᠶ᠋ᠢᠩᠬᠢᠷᠸ᠎ᠠ ᠰᠦᠮ᠎ᠡ ᠮᠤᠩᠭᠤᠯ | ︽ᠳ᠋ᠠᠨᠵᠤᠤᠷ︾ ᠢ ᠬᠠᠳᠠᠭᠠᠯᠠᠭᠰᠠᠨ ᠲᠡᠤᠬᠡ ᠪᠠᠷ ᠬᠠᠮᠤᠭ ᠤᠨ ᠤᠷᠲᠤ ᠰᠦᠮ᠎ᠡ ᠪᠤᠯᠤᠨ᠎ᠠ ᠃ | | | | | ︽ᠲᠣᠷᠭᠠᠨ ᠨᠤᠲᠤᠭ ᠠᠰᠤᠷᠤ ᠠᠶᠠᠯᠭᠤ ᠶᠢᠨ ᠦᠯᠦᠭᠡᠢ ᠬᠦᠪᠡᠭᠡᠲᠦ ᠰᠢᠷ᠎ᠠ︾ ᠠᠴᠠ | ᠪᠠᠭᠤᠯᠭᠠᠪᠠ᠃ |