ᠤᠳᠬ᠎ᠠ ᠵᠤᠬᠢᠶᠠᠯ ᠤᠨ ᠤᠬᠠᠭᠠᠨ ᠤ ᠳ᠋ᠣᠺᠲ᠋ᠣᠷ ᠲᠡᠯᠡᠩᠭᠦᠳ ᠠᠶᠢᠬᠤᠪᠳᠤᠷ
ᠨᠡᠶᠢᠲᠡᠯᠡᠭᠰᠡᠨ ᠴᠠᠭ᠄
2020/11/6
     ᠤᠳᠬ᠎ᠠ ᠵᠤᠬᠢᠶᠠᠯ ᠤᠨ ᠤᠬᠠᠭᠠᠨ ᠤ ᠳ᠋ᠣᠺᠲ᠋ᠣᠷ ᠲᠡᠯᠡᠩᠭᠦᠳ ᠠᠶᠢᠬᠤᠪᠳᠤᠷ ︵1956.4-︶ ᠦᠪᠦᠷ ᠮᠤᠩᠭᠤᠯ ᠤᠨ ᠬᠦᠪᠡᠭᠡᠲᠦ ᠰᠢᠷ᠎ᠠ ᠬᠤᠰᠢᠭᠤᠨ ᠤ ᠤᠤᠯ ᠤᠨ ᠪᠠᠶᠠᠨᠲᠠᠯ᠎ᠠ ᠰᠣᠮᠤᠨ ᠤ ᠲᠠᠯ᠎ᠠ ᠶᠢᠨ ᠤᠰᠤ ᠪᠠᠷᠢᠭᠠᠲᠠ ᠶᠢᠨ ᠵᠢᠷᠠᠨ ᠬᠦᠷᠢᠶ᠎ᠡ ᠪᠠᠷ ᠤᠤᠭᠠᠯ ᠨᠤᠲᠤᠭ ᠲᠠᠢ᠃ ᠠᠪᠤ ᠪᠠᠳᠤᠪᠠᠽᠠᠷ ᠤᠨ ᠬᠦᠪᠡᠬᠦᠨ ᠨᠢ ᠪᠣᠯᠤᠨ ᠵᠠᠶᠠᠭᠠᠵᠠᠢ᠃ 1977 ᠣᠨ ᠳᠤ ᠶᠡᠭᠡ ᠰᠤᠷᠭᠠᠭᠤᠯᠢ ᠶᠢᠨ ᠰᠢᠯᠭᠠᠯᠲᠠ ᠶᠢ ᠰᠡᠷᠭᠦᠭᠡᠭᠰᠡᠨ ᠠᠴᠠ ᠠᠪᠤ ᠨᠢ ᠲᠡᠬᠦᠨ ᠳᠤ ᠶᠠᠫᠣᠨ ᠬᠡᠯᠡᠨ ᠤ ᠠᠪᠢᠶ᠎ᠠ ᠶᠢ ᠵᠢᠭᠠᠨ ᠥᠭᠴᠦ ᠪᠠᠶᠢᠵᠠᠢ᠃ 1979 ᠣᠨ ᠳᠤ ᠰᠢᠯᠢᠳᠡᠭ ᠬᠢᠷᠢ ᠪᠦᠳᠦᠮᠵᠢ ᠪᠠᠷ ᠥᠪᠦᠷ ᠮᠤᠩᠭᠤᠯ ᠤᠨ ᠶᠡᠭᠡ ᠰᠤᠷᠭᠠᠭᠤᠯᠢ ᠶᠢᠨ ᠭᠠᠳᠠᠭᠠᠲᠤ ᠬᠡᠯᠡᠨ ᠤ ᠰᠠᠯᠪᠤᠷᠢ ᠳᠤ ᠶᠠᠫᠤᠨ ᠬᠡᠯᠡᠨ ᠤ ᠮᠡᠷᠭᠡᠵᠢᠯ ᠢᠶᠠᠷ ᠡᠯᠰᠡᠭᠳᠡᠭᠰᠡᠨ ᠪᠠᠶᠢᠨ᠎ᠠ᠃ ᠶᠡᠭᠡ ᠰᠤᠷᠭᠠᠭᠤᠯᠢ ᠶᠢᠨ ᠬᠤᠭᠤᠴᠠᠭᠠᠨ ᠳᠤ ᠰᠤᠷᠭᠠᠭᠤᠯᠢ ᠶᠢᠨ ᠢᠶᠠᠨ ᠲᠤᠮᠢᠯᠠᠯᠲᠠ ᠪᠠᠷ ᠶᠠᠫᠤᠨ ᠬᠡᠯᠡᠨ ᠤ ᠮᠡᠷᠭᠡᠵᠢᠯ ᠤᠨ ᠭᠤᠤᠯᠳᠠᠯᠭᠠᠲᠤ ᠰᠤᠷᠭᠠᠭᠤᠯᠢ ᠪᠣᠯᠬᠤ ᠵᠡᠬᠦᠨ ᠬᠤᠶᠢᠲᠤ ᠶᠢᠨ ᠪᠠᠭᠰᠢ ᠶᠢᠨ ᠶᠡᠭᠡ ᠰᠤᠷᠭᠠᠭᠤᠯᠢ ᠳᠤ ᠰᠤᠷᠤᠯᠴᠠᠪᠠ᠃ 1985 ᠣᠨ ᠳᠤ ᠥᠪᠦᠷ ᠮᠤᠩᠭᠤᠯ ᠤᠨ ᠶᠡᠭᠡ ᠰᠤᠷᠭᠠᠭᠤᠯᠢ ᠳᠤ ᠪᠠᠨ ᠪᠤᠴᠠᠨ ᠢᠷᠡᠵᠦ ᠪᠠᠭᠰᠢᠯᠠᠪᠠ᠃ 1987 ᠣᠨ ᠳᠤ ᠶᠠᠫᠤᠨ ᠳᠤ ᠬᠦᠷᠴᠦ ᠰᠤᠷᠤᠯᠴᠠᠨ᠂ ᠲᠤᠤᠺᠢᠤ᠋ ᠶᠡᠭᠡ ᠰᠤᠷᠭᠠᠭᠤᠯᠢ ᠳᠤ ᠤᠳᠬ᠎ᠠ ᠵᠤᠬᠢᠶᠠᠯ ᠤᠨ ᠤᠬᠠᠭᠠᠨ ᠤ ᠳ᠋ᠣᠺᠲ᠋ᠣᠷ ᠴᠣᠯᠠ ᠬᠠᠮᠠᠭᠠᠯᠠᠵᠠᠢ᠃ ᠲᠣᠣᠺᠢᠤ᠋ ᠶᠡᠭᠡ ᠰᠤᠷᠭᠠᠭᠤᠯᠢ ᠶᠢᠨ ᠲᠡᠦᠬᠡᠨ ᠲᠡᠭᠡᠷ᠎ᠡ ᠤᠳᠬ᠎ᠠ ᠵᠤᠬᠢᠶᠠᠯ ᠤᠨ ᠤᠬᠠᠭᠠᠨ ᠤ ᠳ᠋ᠣᠺᠲ᠋ᠣᠷ ᠴᠣᠯᠠ ᠬᠠᠮᠠᠭᠠᠯᠠᠭᠰᠠᠨ ᠬᠠᠮᠤᠭ ᠤᠨ ᠠᠩᠬᠠᠳᠠᠭᠴᠢ ᠮᠤᠩᠭᠤᠯ ᠬᠦᠮᠦᠨ ᠤ ᠠᠯᠳᠠᠷ ᠢ ᠲᠡᠮᠳᠡᠭᠯᠡᠬᠦᠯᠦᠭᠰᠡᠨ ᠪᠠᠶᠢᠳᠠᠭ᠃      1998ᠣᠨ ᠤ 4 ᠰᠠᠷ᠎ᠠ ᠳᠤ ᠬᠤᠺᠺᠠᠶᠢᠳᠤᠤ᠋ ᠶᠢᠨ ᠬᠤᠺᠺᠠᠢ ᠭᠠᠺᠦᠶᠠ ᠶᠡᠭᠡ ᠰᠤᠷᠭᠠᠭᠤᠯᠢ ᠶᠢᠨ ᠬᠦᠮᠦᠡᠯᠢᠭ ᠤᠨ ᠤᠬᠠᠭᠠᠨ ᠤ ᠬᠡᠯᠲᠡᠰ ᠤᠨ ᠶᠠᠫᠤᠨ ᠰᠤᠶᠤᠯ ᠤᠨ ᠰᠢᠨᠵᠢᠯᠡᠭᠡᠨ ᠤ ᠭᠠᠵᠠᠷ ᠲᠤ ᠳᠡᠳ᠋ ᠫᠷᠤᠹᠧᠰᠰᠤᠷ ᠢᠶᠠᠷ ᠤᠷᠢᠭᠳᠠᠨ ᠠᠵᠢᠯᠯᠠᠵᠤ᠂ ᠭᠤᠣᠯᠳᠠᠭᠤ ᠶᠠᠫᠤᠨ ᠤ ᠤᠳᠬ᠎ᠠ ᠵᠤᠬᠢᠶᠠᠯ᠂ ᠬᠠᠷᠢᠴᠠᠭᠤᠯᠤᠭᠰᠠᠨ ᠤᠳᠬ᠎ᠠ ᠵᠤᠬᠢᠶᠠᠯ ᠬᠢᠭᠡᠳ ᠤᠳᠬ᠎ᠠ ᠵᠤᠬᠢᠶᠠᠯ ᠤᠨ ᠤᠨᠤᠯ ᠢᠶᠠᠷ ᠬᠢᠴᠢᠶᠡᠯᠯᠡᠵᠦ ᠪᠣᠢ᠃ 2001 ᠣᠨ ᠳᠤ ᠫᠷᠤᠹᠧᠰᠰᠤᠷ᠂ ᠳ᠋ᠣᠺᠲ᠋ᠣᠷᠠᠨᠲ ᠤᠨ ᠵᠢᠯᠤᠭᠤᠳᠤᠭᠴᠢ ᠪᠠᠭᠰᠢ ᠪᠤᠯᠤᠨ ᠲᠠᠪᠰᠢᠵᠤ᠂ ᠤᠳᠤ ᠪᠤᠯᠲᠠᠯ᠎ᠠ ᠮᠡᠷᠡᠶᠢᠨ ᠠᠵᠢᠯᠯᠠᠭᠰᠠᠭᠠᠷ ᠪᠤᠢ᠃      ᠰᠤᠳᠤᠯᠭᠠᠨ ᠤ ᠴᠢᠭᠯᠡᠯ ᠤᠨ ᠲᠠᠯ᠎ᠠ ᠪᠠᠷ᠂ ᠶᠠᠫᠤᠨ ᠤ ᠣᠶᠢᠷ᠎ᠠ ᠤᠳᠣ ᠦᠶ᠎ᠡ ᠶᠢᠨ ᠤᠳᠬ᠎ᠠ ᠵᠤᠬᠢᠶᠠᠯ᠂ ᠬᠠᠷᠢᠴᠠᠭᠤᠯᠤᠯ ᠤᠳᠬ᠎ᠠ ᠵᠤᠬᠢᠶᠠᠯ᠂ ᠰᠢᠯᠦᠭ ᠵᠦᠢ᠂ ᠤᠳᠬ᠎ᠠ ᠵᠤᠬᠢᠶᠠᠯ ᠤᠨ ᠣᠨᠣᠯ᠂ ᠶᠠᠫᠤᠨᠴᠤᠳ᠂ ᠬᠢᠲᠠᠳᠴᠦᠳ᠂ ᠮᠤᠩᠭᠤᠯᠴᠤᠳ ᠤᠨ ᠪᠠᠶᠢᠭᠠᠯᠢ ᠶᠢᠨ ᠦᠵᠡᠯ ᠲᠠᠨᠢᠯᠲᠠ᠂ ᠠᠮᠢᠳᠤᠷᠠᠬᠤᠢ ᠶᠢᠨ ᠦᠵᠡᠯᠲᠡ᠂ ᠶᠢᠷᠳᠢᠨᠴᠦ ᠶᠢᠨ ᠦᠵᠡᠯᠲᠡ ᠶᠢᠨ ᠲᠤᠬᠠᠢ ᠬᠠᠷᠢᠴᠠᠭᠤᠯᠤᠯ ᠵᠡᠷᠭᠡ ᠪᠤᠯᠤᠨ᠎ᠠ᠃      ᠶᠠᠫᠤᠨ ᠬᠡᠯᠡ᠂ ᠬᠢᠲᠡᠳ ᠬᠡᠯᠡ᠂ ᠮᠤᠩᠭᠤᠯ ᠬᠡᠯᠡ ᠪᠠᠷ 90 ᠲᠦᠮᠡᠨ ᠦᠰᠦᠭ ᠪᠦᠬᠦᠢ ᠲᠥᠴᠢ ᠭᠠᠷᠤᠢ ᠡᠷᠳᠡᠮ ᠰᠢᠨᠵᠢᠯᠡᠭᠡᠨ ᠤ ᠦᠬᠦᠯᠡᠯ ᠨᠡᠶᠢᠲᠡᠯᠡᠬᠦᠯᠦᠨ ᠨᠣᠮ ᠪᠦᠳᠦᠭᠡᠯ ᠲᠤᠭᠤᠷᠪᠢᠵᠠᠢ᠃ ᠭᠤᠣᠯ ᠪᠦᠳᠦᠭᠡᠯ ᠨᠢ ︽ᠮᠢᠰᠢᠮᠠ ᠶᠦᠺᠢᠦ ᠶᠢᠨ ᠤᠳᠬ᠎ᠠ ᠵᠤᠬᠢᠶᠠᠯ ᠤᠨ ᠤᠭ ᠲᠦᠷᠢ ᠪᠠ ᠡᠭᠦᠰᠦᠯ᠄ ᠳᠠᠯᠳᠠ ᠵᠦᠢᠷᠯᠡᠯ ᠪᠠ ᠪᠦᠳᠦᠴᠡ︾᠂ ︽ᠰᠢᠯᠦᠭ ᠤᠨ ᠦᠯᠡᠮᠵᠢ ᠲᠠᠩᠬᠠᠢ ᠰᠡᠳᠬᠢᠮᠵᠢ ᠪᠠ ᠶᠡᠭᠡ ᠳᠠᠯᠠᠢ ᠶᠢᠨ ᠤᠳᠤᠮ ᠴᠠᠳᠢᠭ- ᠦᠷᠦᠨᠡᠳᠠᠬᠢᠨ ᠠᠴᠠ ᠲᠤᠷᠤᠨᠠᠳᠠᠬᠢᠨ ᠬᠦᠷᠳᠡᠯᠡᠬᠢ ᠲᠠᠷᠬᠠᠯᠲᠠ᠂ ᠬᠦᠯᠢᠶᠡᠨ ᠠᠪᠤᠯᠭ᠎ᠠ᠂ ᠬᠤᠪᠢᠷᠠᠯᠲᠠ︾᠂ ︽ᠲᠠᠤᠯᠠᠢ ᠶᠢᠨ ᠲᠡᠭᠡᠷᠡᠮ ᠤᠨ ᠬᠠᠷᠠᠭᠠᠰᠤ ᠠᠴᠠ ᠲᠡᠯᠡᠭᠡᠢ ᠶᠢᠨ ᠲᠡᠦᠬᠡ ᠶᠢ ᠰᠢᠨ᠎ᠡ ᠪᠠᠷ ᠴᠤᠭᠴᠠᠯᠠᠬᠤ ᠨᠢ᠄ ᠠᠷᠠᠯᠵᠢᠶ᠎ᠠ ᠪᠠ ᠰᠤᠷᠠᠭ ᠵᠠᠩᠭᠢ ᠶᠢᠨ ᠰᠣᠯᠢᠯᠴᠠᠭ᠎ᠠ ᠶᠢ ᠲᠠᠬᠢᠨ ᠰᠤᠳᠤᠯᠬᠤ ᠨᠢ︾ ᠵᠡᠷᠭᠡ ᠣᠯᠠᠨ ᠠᠷᠪᠢᠨ ᠪᠦᠳᠦᠭᠡᠯ ᠪᠤᠢ᠃      ᠰᠡᠳᠬᠢᠯ ᠤᠨ ᠵᠠᠬᠢᠶᠠᠰᠤ᠄ ᠦᠷᠦᠨ᠎ᠡ ᠲᠣᠷᠤᠨ᠎ᠠ᠂ ᠡᠷᠲᠡᠨ ᠡᠳᠦᠭᠡ ᠶᠢ ᠬᠤᠯᠪᠤᠭᠰᠠᠨ ᠳᠠᠯᠳᠠ ᠬᠦᠨᠳᠦ ᠠᠤᠭ᠎ᠠ ᠮᠤᠩᠭᠤᠯ ᠰᠤᠶᠤᠯ ᠳᠠᠭᠠᠨ ᠪᠢ ᠬᠡᠮᠵᠢᠶ᠎ᠡ ᠦᠬᠡᠢ ᠪᠠᠶᠠᠷᠯᠠᠳᠠᠭ  ᠡᠶᠢᠮᠦ ᠨᠢᠭᠡᠨ ᠰᠤᠶᠤᠯ ᠤᠨ ᠭᠧᠨ ᠨᠠᠮ᠎ᠠ ᠶᠢ ᠶᠠᠮᠠᠷ ᠨᠢᠭᠡᠨ ᠣᠷᠤᠨ ᠪᠠᠶᠢᠷᠢ᠂ ᠰᠤᠳᠤᠯᠭᠠᠨ ᠤ ᠴᠢᠭᠯᠡᠯ ᠳᠤ ᠵᠤᠭᠰᠤᠩᠭᠤᠶᠢᠷᠠᠵᠤ᠂ ᠪᠡᠶ᠎ᠡ ᠪᠠᠨ ᠪᠠᠭ᠋ᠠᠷᠬᠠᠬᠤ ᠪᠤᠶᠤ ᠪᠤᠷᠤᠭᠤ ᠵᠠᠮ ᠢᠶᠠᠷ ᠶᠠᠪᠤᠬᠤ ᠶᠢ ᠡᠷᠡᠰ ᠬᠤᠷᠢᠭᠯᠠᠳᠠᠭ ᠪᠢᠯᠡ᠃
 
ᠢᠷᠡᠯᠲᠡ᠄ ︽ᠳ᠋ᠣᠺᠲ᠋ᠣᠷ ᠤᠨ ᠥᠯᠦᠭᠡᠢ ᠬᠦᠪᠡᠭᠡᠲᠦ ᠰᠢᠷ᠎ᠠ ᠬᠤᠰᠢᠭᠤ︾᠎ ᠠᠴᠠ ᠰᠡᠶᠢᠷᠡᠬᠦᠯᠪᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号