ᠤᠳᠬ᠎ᠠ ᠵᠤᠬᠢᠶᠠᠯ ᠤᠨ ᠤᠬᠠᠭᠠᠨ ᠤ ᠳ᠋ᠣᠺᠲ᠋ᠣᠷ ᠲᠡᠯᠡᠩᠭᠦᠳ ᠠᠶᠢᠬᠤᠪᠳᠤᠷ ︵1956.4-︶ ᠦᠪᠦᠷ | ᠮᠤᠩᠭᠤᠯ ᠤᠨ ᠬᠦᠪᠡᠭᠡᠲᠦ ᠰᠢᠷ᠎ᠠ ᠬᠤᠰᠢᠭᠤᠨ ᠤ ᠤᠤᠯ ᠤᠨ ᠪᠠᠶᠠᠨᠲᠠᠯ᠎ᠠ ᠰᠣᠮᠤᠨ ᠤ ᠲᠠᠯ᠎ᠠ ᠶᠢᠨ ᠤᠰᠤ | ᠪᠠᠷᠢᠭᠠᠲᠠ ᠶᠢᠨ ᠵᠢᠷᠠᠨ ᠬᠦᠷᠢᠶ᠎ᠡ ᠪᠠᠷ ᠤᠤᠭᠠᠯ ᠨᠤᠲᠤᠭ ᠲᠠᠢ᠃ ᠠᠪᠤ ᠪᠠᠳᠤᠪᠠᠽᠠᠷ ᠤᠨ ᠬᠦᠪᠡᠬᠦᠨ ᠨᠢ ᠪᠣᠯᠤᠨ | ᠵᠠᠶᠠᠭᠠᠵᠠᠢ᠃ 1977 ᠣᠨ ᠳᠤ ᠶᠡᠭᠡ ᠰᠤᠷᠭᠠᠭᠤᠯᠢ ᠶᠢᠨ ᠰᠢᠯᠭᠠᠯᠲᠠ ᠶᠢ ᠰᠡᠷᠭᠦᠭᠡᠭᠰᠡᠨ ᠠᠴᠠ ᠠᠪᠤ ᠨᠢ ᠲᠡᠬᠦᠨ ᠳᠤ | ᠶᠠᠫᠣᠨ ᠬᠡᠯᠡᠨ ᠤ ᠠᠪᠢᠶ᠎ᠠ ᠶᠢ ᠵᠢᠭᠠᠨ ᠥᠭᠴᠦ ᠪᠠᠶᠢᠵᠠᠢ᠃ 1979 ᠣᠨ ᠳᠤ ᠰᠢᠯᠢᠳᠡᠭ ᠬᠢᠷᠢ ᠪᠦᠳᠦᠮᠵᠢ ᠪᠠᠷ ᠥᠪᠦᠷ | ᠮᠤᠩᠭᠤᠯ ᠤᠨ ᠶᠡᠭᠡ ᠰᠤᠷᠭᠠᠭᠤᠯᠢ ᠶᠢᠨ ᠭᠠᠳᠠᠭᠠᠲᠤ ᠬᠡᠯᠡᠨ ᠤ ᠰᠠᠯᠪᠤᠷᠢ ᠳᠤ ᠶᠠᠫᠤᠨ ᠬᠡᠯᠡᠨ ᠤ ᠮᠡᠷᠭᠡᠵᠢᠯ ᠢᠶᠠᠷ | ᠡᠯᠰᠡᠭᠳᠡᠭᠰᠡᠨ ᠪᠠᠶᠢᠨ᠎ᠠ᠃ ᠶᠡᠭᠡ ᠰᠤᠷᠭᠠᠭᠤᠯᠢ ᠶᠢᠨ ᠬᠤᠭᠤᠴᠠᠭᠠᠨ ᠳᠤ ᠰᠤᠷᠭᠠᠭᠤᠯᠢ ᠶᠢᠨ ᠢᠶᠠᠨ ᠲᠤᠮᠢᠯᠠᠯᠲᠠ ᠪᠠᠷ | ᠶᠠᠫᠤᠨ ᠬᠡᠯᠡᠨ ᠤ ᠮᠡᠷᠭᠡᠵᠢᠯ ᠤᠨ ᠭᠤᠤᠯᠳᠠᠯᠭᠠᠲᠤ ᠰᠤᠷᠭᠠᠭᠤᠯᠢ ᠪᠣᠯᠬᠤ ᠵᠡᠬᠦᠨ ᠬᠤᠶᠢᠲᠤ ᠶᠢᠨ ᠪᠠᠭᠰᠢ ᠶᠢᠨ ᠶᠡᠭᠡ | ᠰᠤᠷᠭᠠᠭᠤᠯᠢ ᠳᠤ ᠰᠤᠷᠤᠯᠴᠠᠪᠠ᠃ 1985 ᠣᠨ ᠳᠤ ᠥᠪᠦᠷ ᠮᠤᠩᠭᠤᠯ ᠤᠨ ᠶᠡᠭᠡ ᠰᠤᠷᠭᠠᠭᠤᠯᠢ ᠳᠤ ᠪᠠᠨ ᠪᠤᠴᠠᠨ | ᠢᠷᠡᠵᠦ ᠪᠠᠭᠰᠢᠯᠠᠪᠠ᠃ 1987 ᠣᠨ ᠳᠤ ᠶᠠᠫᠤᠨ ᠳᠤ ᠬᠦᠷᠴᠦ ᠰᠤᠷᠤᠯᠴᠠᠨ᠂ ᠲᠤᠤᠺᠢᠤ᠋ ᠶᠡᠭᠡ ᠰᠤᠷᠭᠠᠭᠤᠯᠢ ᠳᠤ | ᠤᠳᠬ᠎ᠠ ᠵᠤᠬᠢᠶᠠᠯ ᠤᠨ ᠤᠬᠠᠭᠠᠨ ᠤ ᠳ᠋ᠣᠺᠲ᠋ᠣᠷ ᠴᠣᠯᠠ ᠬᠠᠮᠠᠭᠠᠯᠠᠵᠠᠢ᠃ ᠲᠣᠣᠺᠢᠤ᠋ ᠶᠡᠭᠡ ᠰᠤᠷᠭᠠᠭᠤᠯᠢ ᠶᠢᠨ ᠲᠡᠦᠬᠡᠨ | ᠲᠡᠭᠡᠷ᠎ᠡ ᠤᠳᠬ᠎ᠠ ᠵᠤᠬᠢᠶᠠᠯ ᠤᠨ ᠤᠬᠠᠭᠠᠨ ᠤ ᠳ᠋ᠣᠺᠲ᠋ᠣᠷ ᠴᠣᠯᠠ ᠬᠠᠮᠠᠭᠠᠯᠠᠭᠰᠠᠨ ᠬᠠᠮᠤᠭ ᠤᠨ ᠠᠩᠬᠠᠳᠠᠭᠴᠢ ᠮᠤᠩᠭᠤᠯ | ᠬᠦᠮᠦᠨ ᠤ ᠠᠯᠳᠠᠷ ᠢ ᠲᠡᠮᠳᠡᠭᠯᠡᠬᠦᠯᠦᠭᠰᠡᠨ ᠪᠠᠶᠢᠳᠠᠭ᠃ | 1998ᠣᠨ ᠤ 4 ᠰᠠᠷ᠎ᠠ ᠳᠤ ᠬᠤᠺᠺᠠᠶᠢᠳᠤᠤ᠋ ᠶᠢᠨ ᠬᠤᠺᠺᠠᠢ ᠭᠠᠺᠦᠶᠠ ᠶᠡᠭᠡ ᠰᠤᠷᠭᠠᠭᠤᠯᠢ ᠶᠢᠨ | ᠬᠦᠮᠦᠡᠯᠢᠭ ᠤᠨ ᠤᠬᠠᠭᠠᠨ ᠤ ᠬᠡᠯᠲᠡᠰ ᠤᠨ ᠶᠠᠫᠤᠨ ᠰᠤᠶᠤᠯ ᠤᠨ ᠰᠢᠨᠵᠢᠯᠡᠭᠡᠨ ᠤ ᠭᠠᠵᠠᠷ ᠲᠤ ᠳᠡᠳ᠋ ᠫᠷᠤᠹᠧᠰᠰᠤᠷ ᠢᠶᠠᠷ | ᠤᠷᠢᠭᠳᠠᠨ ᠠᠵᠢᠯᠯᠠᠵᠤ᠂ ᠭᠤᠣᠯᠳᠠᠭᠤ ᠶᠠᠫᠤᠨ ᠤ ᠤᠳᠬ᠎ᠠ ᠵᠤᠬᠢᠶᠠᠯ᠂ ᠬᠠᠷᠢᠴᠠᠭᠤᠯᠤᠭᠰᠠᠨ ᠤᠳᠬ᠎ᠠ ᠵᠤᠬᠢᠶᠠᠯ ᠬᠢᠭᠡᠳ | ᠤᠳᠬ᠎ᠠ ᠵᠤᠬᠢᠶᠠᠯ ᠤᠨ ᠤᠨᠤᠯ ᠢᠶᠠᠷ ᠬᠢᠴᠢᠶᠡᠯᠯᠡᠵᠦ ᠪᠣᠢ᠃ 2001 ᠣᠨ ᠳᠤ ᠫᠷᠤᠹᠧᠰᠰᠤᠷ᠂ ᠳ᠋ᠣᠺᠲ᠋ᠣᠷᠠᠨᠲ ᠤᠨ | ᠵᠢᠯᠤᠭᠤᠳᠤᠭᠴᠢ ᠪᠠᠭᠰᠢ ᠪᠤᠯᠤᠨ ᠲᠠᠪᠰᠢᠵᠤ᠂ ᠤᠳᠤ ᠪᠤᠯᠲᠠᠯ᠎ᠠ ᠮᠡᠷᠡᠶᠢᠨ ᠠᠵᠢᠯᠯᠠᠭᠰᠠᠭᠠᠷ ᠪᠤᠢ᠃ | ᠰᠤᠳᠤᠯᠭᠠᠨ ᠤ ᠴᠢᠭᠯᠡᠯ ᠤᠨ ᠲᠠᠯ᠎ᠠ ᠪᠠᠷ᠂ ᠶᠠᠫᠤᠨ ᠤ ᠣᠶᠢᠷ᠎ᠠ ᠤᠳᠣ ᠦᠶ᠎ᠡ ᠶᠢᠨ ᠤᠳᠬ᠎ᠠ ᠵᠤᠬᠢᠶᠠᠯ᠂ | ᠬᠠᠷᠢᠴᠠᠭᠤᠯᠤᠯ ᠤᠳᠬ᠎ᠠ ᠵᠤᠬᠢᠶᠠᠯ᠂ ᠰᠢᠯᠦᠭ ᠵᠦᠢ᠂ ᠤᠳᠬ᠎ᠠ ᠵᠤᠬᠢᠶᠠᠯ ᠤᠨ ᠣᠨᠣᠯ᠂ ᠶᠠᠫᠤᠨᠴᠤᠳ᠂ ᠬᠢᠲᠠᠳᠴᠦᠳ᠂ | ᠮᠤᠩᠭᠤᠯᠴᠤᠳ ᠤᠨ ᠪᠠᠶᠢᠭᠠᠯᠢ ᠶᠢᠨ ᠦᠵᠡᠯ ᠲᠠᠨᠢᠯᠲᠠ᠂ ᠠᠮᠢᠳᠤᠷᠠᠬᠤᠢ ᠶᠢᠨ ᠦᠵᠡᠯᠲᠡ᠂ ᠶᠢᠷᠳᠢᠨᠴᠦ ᠶᠢᠨ | ᠦᠵᠡᠯᠲᠡ ᠶᠢᠨ ᠲᠤᠬᠠᠢ ᠬᠠᠷᠢᠴᠠᠭᠤᠯᠤᠯ ᠵᠡᠷᠭᠡ ᠪᠤᠯᠤᠨ᠎ᠠ᠃ | ᠶᠠᠫᠤᠨ ᠬᠡᠯᠡ᠂ ᠬᠢᠲᠡᠳ ᠬᠡᠯᠡ᠂ ᠮᠤᠩᠭᠤᠯ ᠬᠡᠯᠡ ᠪᠠᠷ 90 ᠲᠦᠮᠡᠨ ᠦᠰᠦᠭ ᠪᠦᠬᠦᠢ ᠲᠥᠴᠢ ᠭᠠᠷᠤᠢ ᠡᠷᠳᠡᠮ | ᠰᠢᠨᠵᠢᠯᠡᠭᠡᠨ ᠤ ᠦᠬᠦᠯᠡᠯ ᠨᠡᠶᠢᠲᠡᠯᠡᠬᠦᠯᠦᠨ ᠨᠣᠮ ᠪᠦᠳᠦᠭᠡᠯ ᠲᠤᠭᠤᠷᠪᠢᠵᠠᠢ᠃ ᠭᠤᠣᠯ ᠪᠦᠳᠦᠭᠡᠯ ᠨᠢ ︽ᠮᠢᠰᠢᠮᠠ | ᠶᠦᠺᠢᠦ ᠶᠢᠨ ᠤᠳᠬ᠎ᠠ ᠵᠤᠬᠢᠶᠠᠯ ᠤᠨ ᠤᠭ ᠲᠦᠷᠢ ᠪᠠ ᠡᠭᠦᠰᠦᠯ᠄ ᠳᠠᠯᠳᠠ ᠵᠦᠢᠷᠯᠡᠯ ᠪᠠ ᠪᠦᠳᠦᠴᠡ︾᠂ ︽ | ᠰᠢᠯᠦᠭ ᠤᠨ ᠦᠯᠡᠮᠵᠢ ᠲᠠᠩᠬᠠᠢ ᠰᠡᠳᠬᠢᠮᠵᠢ ᠪᠠ ᠶᠡᠭᠡ ᠳᠠᠯᠠᠢ ᠶᠢᠨ ᠤᠳᠤᠮ ᠴᠠᠳᠢᠭ- ᠦᠷᠦᠨᠡᠳᠠᠬᠢᠨ ᠠᠴᠠ | ᠲᠤᠷᠤᠨᠠᠳᠠᠬᠢᠨ ᠬᠦᠷᠳᠡᠯᠡᠬᠢ ᠲᠠᠷᠬᠠᠯᠲᠠ᠂ ᠬᠦᠯᠢᠶᠡᠨ ᠠᠪᠤᠯᠭ᠎ᠠ᠂ ᠬᠤᠪᠢᠷᠠᠯᠲᠠ︾᠂ ︽ᠲᠠᠤᠯᠠᠢ ᠶᠢᠨ ᠲᠡᠭᠡᠷᠡᠮ ᠤᠨ | ᠬᠠᠷᠠᠭᠠᠰᠤ ᠠᠴᠠ ᠲᠡᠯᠡᠭᠡᠢ ᠶᠢᠨ ᠲᠡᠦᠬᠡ ᠶᠢ ᠰᠢᠨ᠎ᠡ ᠪᠠᠷ ᠴᠤᠭᠴᠠᠯᠠᠬᠤ ᠨᠢ᠄ ᠠᠷᠠᠯᠵᠢᠶ᠎ᠠ ᠪᠠ ᠰᠤᠷᠠᠭ ᠵᠠᠩᠭᠢ ᠶᠢᠨ | ᠰᠣᠯᠢᠯᠴᠠᠭ᠎ᠠ ᠶᠢ ᠲᠠᠬᠢᠨ ᠰᠤᠳᠤᠯᠬᠤ ᠨᠢ︾ ᠵᠡᠷᠭᠡ ᠣᠯᠠᠨ ᠠᠷᠪᠢᠨ ᠪᠦᠳᠦᠭᠡᠯ ᠪᠤᠢ᠃ | ᠰᠡᠳᠬᠢᠯ ᠤᠨ ᠵᠠᠬᠢᠶᠠᠰᠤ᠄ ᠦᠷᠦᠨ᠎ᠡ ᠲᠣᠷᠤᠨ᠎ᠠ᠂ ᠡᠷᠲᠡᠨ ᠡᠳᠦᠭᠡ ᠶᠢ ᠬᠤᠯᠪᠤᠭᠰᠠᠨ ᠳᠠᠯᠳᠠ ᠬᠦᠨᠳᠦ ᠠᠤᠭ᠎ᠠ | ᠮᠤᠩᠭᠤᠯ ᠰᠤᠶᠤᠯ ᠳᠠᠭᠠᠨ ᠪᠢ ᠬᠡᠮᠵᠢᠶ᠎ᠡ ᠦᠬᠡᠢ ᠪᠠᠶᠠᠷᠯᠠᠳᠠᠭ ᠡᠶᠢᠮᠦ ᠨᠢᠭᠡᠨ ᠰᠤᠶᠤᠯ ᠤᠨ ᠭᠧᠨ ᠨᠠᠮ᠎ᠠ ᠶᠢ ᠶᠠᠮᠠᠷ | ᠨᠢᠭᠡᠨ ᠣᠷᠤᠨ ᠪᠠᠶᠢᠷᠢ᠂ ᠰᠤᠳᠤᠯᠭᠠᠨ ᠤ ᠴᠢᠭᠯᠡᠯ ᠳᠤ ᠵᠤᠭᠰᠤᠩᠭᠤᠶᠢᠷᠠᠵᠤ᠂ ᠪᠡᠶ᠎ᠡ ᠪᠠᠨ ᠪᠠᠭ᠋ᠠᠷᠬᠠᠬᠤ ᠪᠤᠶᠤ ᠪᠤᠷᠤᠭᠤ | ᠵᠠᠮ ᠢᠶᠠᠷ ᠶᠠᠪᠤᠬᠤ ᠶᠢ ᠡᠷᠡᠰ ᠬᠤᠷᠢᠭᠯᠠᠳᠠᠭ ᠪᠢᠯᠡ᠃ |