ᠰᠠᠭᠠᠯᠢ ᠶᠢᠨ ᠤᠨᠲᠤᠷᠤᠭ᠎ᠠ ᠲᠠᠢ ᠦᠭᠡᠳᠡᠯᠡᠬᠦ ᠠᠮᠢᠳᠤᠷᠠᠯ
ᠨᠡᠶᠢᠲᠡᠯᠡᠭᠰᠡᠨ ᠴᠠᠭ᠄
2020/11/6
     — ᠬᠥᠪᠡᠭᠡᠲᠥ ᠰᠢᠷ᠎ᠠ ᠬᠤᠰᠢᠭᠤᠨ ᠤ ᠥᠨᠲᠤᠰᠤᠲᠡᠨ ᠤ ᠤᠯᠠᠮᠵᠢᠯᠠᠯᠲᠤ ᠴᠠᠭᠠᠨ ᠢᠲᠡᠭᠡᠨ ᠤ ᠠᠵᠤ ᠥᠢᠯᠡᠰ ᠤᠨ ᠲᠤᠰᠬᠠᠢ ᠮᠡᠲᠡᠭᠡᠯᠡᠯ                      ᠬᠠᠮ ᠵᠠᠭᠤᠴᠢᠯᠠᠭᠤᠷ ᠤᠨ ᠰᠤᠷᠪᠤᠯᠵᠢᠯᠠᠬᠴᠢ ᠪᠠᠶᠠᠷᠲᠤ ᠬᠠᠰᠬᠦᠥ       ᠬᠤᠲᠠ ᠠᠶᠢᠯ ᠤᠨ ᠬᠢᠨ ᠲᠠᠢ ᠪᠠᠨ ᠠᠳᠠᠯᠢ ᠪᠠᠷ ᠤᠳᠬᠤᠨᠪᠠᠭᠠᠲᠤᠷ ᠥᠥᠷ ᠤᠨ ᠲᠥᠷᠪᠡᠨ ᠴᠠᠭ ᠥᠡᠭᠭᠡᠷᠡᠮᠡᠭᠴᠡ ᠪᠤᠰᠴᠥ᠂ ᠰᠦ ᠰᠠᠭᠠᠯᠢ ᠶᠢᠨ ᠠᠵᠢᠯ ᠳᠤ ᠪᠠᠨ ᠶᠠᠭᠠᠷᠠᠯ᠎ᠠ᠃   ︽ᠡᠬᠢᠯᠡᠭᠡᠳ ᠬᠤᠶᠠᠷᠬᠠᠨ ᠰᠠᠭᠠᠯᠢ ᠶᠢᠨ ᠥᠨᠢᠶ᠎ᠠ ᠮᠠᠯᠵᠢᠵᠥ᠂ ᠡᠲᠥᠷ ᠲᠤ ᠵᠠᠭᠤᠭᠠᠳ ᠵᠢᠩ ᠰᠥ ᠰᠠᠭᠠᠵᠥ ᠪᠠᠶᠢᠪᠠ᠃ ᠲᠤᠬᠠᠢ ᠶᠢᠨ ᠥᠶ᠎ᠠ ᠳᠤ ᠰᠥ ᠶᠢᠨ ᠥᠨ᠎ᠠ ᠴᠥ ᠲᠡᠶᠢᠮᠥ ᠥᠨᠲᠤᠷ ᠪᠢᠰᠢ᠂ ᠥᠪᠡᠷ ᠤᠨ ᠥᠷᠲᠡᠭ ᠢᠶᠠᠨ ᠭᠠᠷᠭᠠᠪᠠᠯ ᠤᠷᠤᠯᠭ᠎ᠠ ᠬᠡᠵᠥ ᠲᠡᠮᠡᠢ ᠥᠯᠡᠲᠡᠬᠦ ᠥᠭᠡᠢ ᠪᠤᠯᠬᠤᠷ ᠰᠠᠭᠠᠯᠢ ᠶᠢᠨ ᠥᠨᠢᠶ᠎ᠠ ᠮᠠᠯᠵᠢᠵᠥ ᠪᠠᠶᠢᠭᠰᠠᠨ ᠮᠠᠯᠴᠢᠳ ᠨᠡᠶᠢᠲᠡᠮ ᠳᠤ ᠪᠠᠨ ᠬᠥᠴᠢᠷᠲᠡᠯ ᠲᠠᠢ ᠪᠠᠶᠢᠭᠰᠠᠨ ᠶᠤᠮ︾ ᠭᠡᠵᠥ ᠤᠳᠬᠤᠨᠪᠠᠭᠠᠲᠤᠷ ᠶᠠᠷᠢᠭᠰᠠᠨ ᠢᠶᠠᠨ ᠵᠠᠯᠭᠠᠭᠠᠳ᠄ ︽ᠡᠨᠡ ᠬᠡᠲᠥᠨ ᠵᠢᠯ ᠮᠠᠨ ᠤ ᠬᠤᠰᠢᠭᠤᠨ ᠤ ᠴᠠᠭᠠᠨ ᠢᠲᠡᠭᠡᠨ ᠤ ᠠᠵᠤ ᠥᠢᠯᠡᠰ ᠲᠥᠷᠭᠡᠨ ᠬᠥᠭᠵᠢᠵᠥ᠂ ᠵᠠᠰᠠᠭ ᠤᠨ ᠤᠷᠲᠤᠨ ᠠᠴᠠ ᠴᠥ ᠰᠠᠭᠠᠯᠢ ᠶᠢᠨ ᠥᠨᠢᠶ᠎ᠠ ᠮᠠᠯᠵᠢᠬᠤ ᠶᠢ ᠲᠡᠮᠵᠢᠵᠥ᠂ ᠮᠠᠯᠴᠢᠳ ᠤᠨ ᠢᠲᠡᠪᠬᠢᠵᠢᠯ ᠢ ᠶᠡᠬᠡᠪᠡᠷ ᠲᠠᠶᠢᠴᠢᠯᠠᠭᠰᠠᠨ ᠪᠠᠶᠢᠨ᠎ᠠ᠃ ᠤᠲᠤ ᠮᠠᠨ ᠤ ᠬᠢᠨ ︿ᠪᠠᠶᠠᠵᠢᠶ᠎ᠠ ᠬᠡᠪᠡᠯ ᠰᠠᠭᠠᠯᠢ ᠶᠢᠨ ᠥᠨᠢᠶ᠎ᠠ ᠮᠠᠯᠵᠢ﹀ ᠭᠡᠵᠥ ᠶᠠᠷᠢᠵᠠᠭᠠᠬᠤ ᠪᠤᠯᠤᠭᠰᠠᠨ ᠰᠢᠥ︾ ᠭᠡᠵᠥ ᠶᠠᠷᠢᠨ᠎ᠠ᠃ ᠲᠥᠷᠥᠬᠦᠥ ᠬᠡᠳᠤᠨ ᠵᠢᠯ ᠤᠳᠬᠤᠨᠪᠠᠭᠠᠲᠤᠷ ᠬᠤᠨᠢ ᠪᠠᠨ ᠪᠥᠬᠦᠨ ᠢ ᠬᠤᠲᠠᠯᠲᠤᠭᠠᠳ ᠰᠠᠭᠠᠯᠢ ᠶᠢᠨ ᠥᠨᠢᠶ᠎ᠠ ᠮᠠᠯᠵᠢᠬᠤ ᠬᠡᠪᠴᠢᠶ᠎ᠠ ᠪᠠᠨ ᠥᠷᠭᠡᠳᠭᠡᠵᠥ᠂ ᠡᠨᠡ ᠵᠢᠯ ᠪᠤᠯᠬᠤ ᠳᠤ 26 ᠰᠠᠭᠠᠯᠢ ᠶᠢᠨ ᠥᠨᠢᠶ᠎ᠠ ᠮᠠᠯᠵᠢᠵᠥ᠂ ᠤᠲᠤ 10 ᠥᠨᠢᠶ᠎ᠠ ᠠᠴᠠ ᠪᠠᠨ ᠡᠲᠥᠷ ᠲᠤ 500 ᠵᠢᠩ ᠰᠥ ᠰᠠᠭᠠᠵᠥ᠂ ᠵᠢᠯ ᠤᠨ ᠴᠡᠪᠡᠷ ᠤᠷᠤᠯᠭ᠎ᠠ ᠨᠢ 20 ᠲᠥᠮᠡᠨ ᠲᠥᠭᠦᠷᠢᠭ ᠤᠷᠴᠢᠮ ᠬᠥᠷᠲᠡᠭ᠃ ︽ᠰᠠᠭᠠᠯᠢ ᠶᠢᠨ ᠥᠨᠢᠶ᠎ᠠ ᠮᠠᠯᠵᠢᠬᠤ ᠳᠤ ᠵᠢᠯ ᠳᠤ ᠨᠠᠢᠮᠠᠨ ᠰᠠᠷ᠎ᠠ ᠬᠠᠰᠢᠶᠠᠯᠠᠨ ᠲᠡᠵᠢᠭᠡᠵᠥ᠂ ᠵᠥᠪᠭᠡᠨ ᠵᠤᠨ ᠤ ᠴᠠᠭ ᠲᠤ ᠪᠡᠯᠴᠢᠭᠡᠷ ᠲᠤ ᠭᠠᠷᠭᠠᠬᠤ ᠪᠤᠯᠬᠤᠷ ᠨᠤᠲᠤᠭ ᠪᠡᠯᠴᠢᠭᠡᠷ ᠲᠤ ᠲᠠᠷᠤᠭᠠᠰᠤ ᠪᠠᠭ᠎ᠠ᠂ ᠤᠨᠴᠠᠭᠠᠢᠢᠯᠠᠨ ᠮᠠᠨ ᠤ ᠬᠢ ᠰᠢᠭ ᠨᠤᠲᠤᠭ ᠪᠠᠭᠠᠲᠠᠢ ᠠᠶᠢᠯ ᠳᠤ ᠲᠤᠬᠢᠷᠠᠨ᠎ᠠ︾ ᠭᠡᠵᠥ ᠤᠳᠬᠤᠨᠪᠠᠭᠠᠲᠤᠷ ᠡᠲᠡᠭᠡᠷ ᠵᠢᠯ ᠤᠨ ᠲᠤᠷᠰᠢ ᠰᠠᠭᠠᠯᠢ ᠶᠢᠨ ᠥᠨᠢᠶ᠎ᠠ ᠮᠠᠯᠵᠢᠵᠥ ᠢᠷᠡᠭᠰᠡᠨ ᠪᠠᠶᠢᠳᠠᠯ ᠢᠶᠠᠨ ᠰᠤᠷᠪᠤᠯᠵᠢᠯᠠᠭᠴᠢ ᠳᠤ ᠶᠠᠷᠢᠨ᠎ᠠ᠃   ᠰᠥ ᠶᠢᠨ ᠢᠷᠡᠯᠲᠡ ᠪᠤᠯ ᠴᠠᠭᠠᠨ ᠢᠲᠡᠭᠡᠨ ᠤ ᠠᠵᠢᠯ ᠲᠥᠷᠥᠯ ᠤᠨ ᠡᠷᠡᠬᠦᠯ ᠬᠥᠭᠵᠢᠯᠲᠡ ᠶᠢᠨ ᠪᠠᠲᠤᠯᠠᠭ᠎ᠠ ᠪᠤᠯᠤᠨ᠎ᠠ᠃ ᠬᠥᠪᠡᠭᠡᠲᠥ ᠰᠢᠷ᠎ᠠ ᠬᠤᠰᠢᠭᠤ ᠰᠢᠯᠢᠲᠡᠭ ᠴᠢᠨᠠᠷ ᠲᠠᠢ ᠰᠥ ᠶᠢᠨ ᠢᠷᠡᠯᠲᠡ ᠶᠢ ᠥᠨᠲᠤᠰᠤᠲᠡᠨ ᠤ ᠴᠠᠭᠠᠨ ᠢᠲᠡᠭᠡᠨ ᠤ ᠠᠵᠤ ᠥᠢᠯᠡᠰ ᠤᠨ ᠬᠥᠭᠵᠢᠯᠲᠡ ᠶᠢᠨ ᠤᠷᠢᠲᠠᠯ ᠪᠤᠯᠤᠨ ᠰᠠᠭᠤᠷᠢ ᠪᠤᠯᠭᠠᠵᠥ᠂ ᠨᠤᠲᠤᠭ ᠪᠡᠯᠴᠢᠭᠡᠷ ᠤᠨ ᠤᠷᠭᠤᠮᠠᠯ ᠤᠨ ᠪᠥᠷᠬᠦᠴᠡ᠂ ᠡᠪᠡᠰᠥ ᠪᠡᠯᠴᠢᠭᠡᠷ ᠤᠨ ᠰᠢᠨᠵᠢ ᠴᠢᠨᠠᠷ ᠵᠡᠷᠭᠡ ᠤᠨᠴᠠᠯᠢᠭ ᠢ ᠥᠨᠲᠤᠰᠤᠯᠡᠨ᠂ ︽ᠬᠤᠶᠠᠷ ᠲᠤᠭᠤᠷᠢᠭ ᠬᠤᠶᠠᠷ ᠪᠥᠰᠡ︾ ᠶᠢᠨ ᠠᠷᠠᠴᠢᠯᠠᠨ ᠮᠠᠯᠵᠢᠬᠤ ᠤᠷᠤᠨ ᠪᠥᠰᠡ ᠶᠢᠨ ᠪᠠᠶᠢᠷᠢᠰᠢᠯ ᠬᠤᠪᠢᠶᠠᠵᠥ᠂ ᠤᠨᠲᠤᠷᠬᠤ ᠪᠤᠯᠤᠨ ᠪᠠᠲᠠᠷᠠᠬᠤ ᠭᠡᠬᠦ ᠬᠤᠶᠠᠷ ᠰᠠᠭᠠᠯᠢ ᠶᠢᠨ ᠥᠨᠢᠶ᠎ᠠ ᠠᠷᠠᠴᠢᠯᠠᠨ ᠮᠠᠯᠵᠢᠬᠤ ᠲᠤᠭᠤᠷᠢᠭ ᠢ ᠥᠨᠲᠤᠷ ᠪᠠᠷᠢᠮᠵᠢᠶ᠎ᠠ ᠪᠠᠷ ᠲᠥᠯᠥᠪᠵᠢᠬᠦᠯᠥᠨ ᠪᠥᠲᠥᠭᠡᠨ ᠪᠠᠶᠢᠭᠤᠯᠤᠭᠰᠠᠨ ᠪᠥᠭᠡᠳ ᠬᠤᠰᠢᠭᠤᠨ ᠲᠥᠪ ᠰᠢᠨᠡᠪᠤᠯᠠᠭ ᠪᠠᠯᠭᠠᠰᠤ ᠶᠢᠨ ᠤᠢᠢᠷ᠎ᠠ ᠬᠠᠪᠢ ᠶᠢᠨ 4 ᠭᠠᠴᠠᠭ᠎ᠠ ᠶᠢ ᠰᠠᠭᠠᠯᠢ ᠶᠢᠨ ᠥᠨᠢᠶ᠎ᠠ ᠮᠠᠯᠵᠢᠬᠤ ᠲᠤᠭᠤᠷᠢᠭ ᠲᠤ ᠤᠷᠤᠭᠤᠯᠵᠥ᠂ ᠰᠠᠭᠠᠯᠢ ᠶᠢᠨ ᠥᠨᠢᠶ᠎ᠠ ᠮᠠᠯᠵᠢᠬᠤ ᠥᠢᠯᠡᠰ ᠤᠨ ᠬᠥᠭᠵᠢᠯᠲᠡ ᠶᠢᠨ ᠰᠥᠷᠥᠭᠵᠢᠯᠲᠡ᠂ ᠡᠷᠴᠢᠮᠵᠢᠯᠲᠠ ᠶᠢ ᠠᠬᠢᠭᠤᠯᠵᠥ ᠪᠠᠶᠢᠨ᠎ᠠ᠃ ᠤᠳᠬᠤᠨᠪᠠᠭᠠᠲᠤᠷ ᠪᠤᠯ ᠲᠠᠷᠤᠢ ᠡᠨᠡ ᠬᠦ 4 ᠭᠠᠴᠠᠭᠠᠨ ᠤ ᠨᠢᠭᠡ ᠪᠤᠯᠬᠤ ᠪᠤᠭᠲᠠ ᠶᠢᠨ ᠭᠤᠤᠯ ᠰᠤᠮᠤ ᠶᠢᠨ ᠴᠠᠭᠠᠨᠲᠡᠷᠡᠰᠥ ᠭᠠᠴᠠᠭᠠᠨ ᠤ ᠮᠠᠯᠴᠢᠨ ᠪᠤᠯᠤᠨ᠎ᠠ᠃ ᠴᠠᠭᠠᠨᠲᠡᠷᠡᠰᠥ ᠭᠠᠴᠠᠭᠠᠨ ᠤ ᠨᠠᠮ ᠤᠨ ᠡᠬᠦᠷ ᠤᠨ ᠱᠥᠵᠢ ᠲᠠᠪᠰᠢᠯᠲᠤ ᠰᠤᠷᠪᠤᠯᠵᠢᠯᠠᠬᠴᠢ ᠳᠤ᠄ ︽ᠮᠠᠨ ᠤ ᠭᠠᠴᠠᠭᠠᠨ ᠤ 30 ᠭᠠᠷᠤᠢ ᠪᠠᠶᠢᠡᠭᠭᠤ ᠰᠠᠭᠤᠭ᠎ᠠ ᠡᠷᠥᠭᠡ ᠪᠠᠷᠤᠭ ᠪᠥᠷ ᠰᠠᠭᠠᠯᠢ ᠶᠢᠨ ᠥᠨᠢᠶ᠎ᠠ ᠮᠠᠯᠵᠢᠵᠥ᠂ ᠰᠠᠭᠠᠯᠢ ᠶᠢᠨ ᠥᠨᠢᠶ᠎ᠠ ᠶᠢᠨ ᠶᠡᠷᠥᠩᠭᠡᠢ ᠲᠤᠭ᠎ᠠ 1300 ᠳᠤ ᠬᠥᠷᠴᠥ᠂ ᠨᠢᠭᠡᠨᠲᠡ ᠮᠠᠯᠴᠢᠳ ᠤᠨ ᠤᠷᠤᠯᠭ᠎ᠠ ᠶᠢᠨ ᠭᠤᠤᠯ ᠢᠷᠡᠯᠲᠡ ᠪᠤᠯᠵᠥ ᠪᠠᠶᠢᠨ᠎ᠠ︾ ᠭᠡᠵᠥ ᠲᠠᠨᠢᠯᠴᠠᠭᠤᠯᠪᠠ᠃   ᠵᠤᠬᠢᠰᠲᠠᠢ ᠬᠡᠪᠴᠢᠶᠡᠵᠢᠯ ᠢ ᠪᠥᠷᠢᠯᠲᠥᠬᠦᠯᠵᠥ᠂ ᠪᠠᠷᠢᠮᠵᠢᠶᠠᠵᠢᠭᠰᠨᠨ ᠲᠥᠪᠰᠢᠨ ᠢ ᠲᠡᠭᠡᠭᠰᠢᠯᠡᠬᠦᠯᠬᠦ ᠪᠠᠷ ᠬᠥᠪᠡᠭᠡᠲᠥ ᠰᠢᠷ᠎ᠠ ᠬᠤᠰᠢᠭᠤ ᠮᠠᠯᠵᠢᠬᠤ ᠡᠷᠥᠭᠡ ᠶᠢ ᠬᠥᠲᠥᠯᠥᠨ ᠵᠢᠯᠤᠭᠤᠳᠴᠥ᠂ 3 ᠠᠴᠠ 5 ᠡᠷᠥᠭᠡ ᠪᠠᠷ ᠨᠢᠭᠡᠴᠢᠯᠡᠨ ᠰᠠᠭᠠᠯᠢ ᠶᠢᠨ ᠥᠨᠢᠶ᠎ᠠ ᠮᠠᠯᠵᠢᠬᠤ ᠲᠠᠯᠠᠪᠠᠢ ᠪᠠᠶᠢᠭᠤᠯᠵᠥ᠂ ᠰᠠᠭᠠᠯᠢ ᠶᠢᠨ ᠥᠨᠢᠶ᠎ᠠ ᠮᠠᠯᠵᠢᠬᠤ ᠲᠠᠯᠠᠪᠠᠢ ᠶᠢ ᠥᠭᠡᠷᠡᠴᠢᠯᠡᠨ ᠲᠡᠰ ᠲᠡᠪᠰᠢᠬᠦᠯᠬᠦ ᠲᠥᠷᠥᠯ ᠵᠥᠢᠯ ᠢ ᠬᠡᠷᠡᠭᠵᠢᠬᠦᠯᠬᠦ ᠪᠠᠷ ᠲᠠᠮᠵᠢᠭᠤᠯᠤᠨ ᠭᠠᠲᠠᠨ᠎ᠠ ᠠᠴᠠ ᠰᠢᠯᠢᠲᠡᠭ ᠡᠬᠦᠯᠲᠡᠷ ᠤᠨ ᠾᠧᠰᠲ᠋ᠠᠨ ᠥᠨᠢᠶ᠎ᠠ ᠤᠷᠤᠭᠤᠯᠵᠥ᠂ ᠠᠷᠠᠴᠢᠯᠠᠨ ᠮᠠᠯᠵᠢᠬᠤ ᠬᠡᠪᠴᠢᠶ᠎ᠠ ᠶᠢ ᠥᠷᠭᠡᠳᠭᠡᠵᠥ᠂ ᠰᠥ ᠶᠢᠨ ᠨᠢᠭᠡᠴᠢ ᠭᠠᠷᠤᠯᠲᠠ ᠪᠤᠯᠤᠨ ᠴᠢᠨᠠᠷ ᠢ ᠲᠡᠭᠡᠭᠰᠢᠯᠡᠬᠦᠯᠵᠡᠢ᠃ ᠬᠤᠰᠢᠭᠤᠨ ᠤ ᠬᠠᠮᠢᠶ᠎ᠠ ᠪᠥᠬᠦᠢ ᠰᠠᠯᠠᠭ᠎ᠠ ᠮᠥᠴᠢᠷ ᠤᠨ ᠲᠡᠮᠵᠢᠯᠭᠡ ᠲᠤᠤᠷ᠎ᠠ᠂ ᠴᠠᠭᠠᠨᠲᠡᠷᠡᠰᠥ ᠭᠠᠴᠠᠭᠠᠨ ᠳᠤ ᠤᠳᠬᠤᠨᠪᠠᠭᠠᠲᠤᠷ ᠢ ᠪᠠᠭᠲᠠᠭᠠᠭᠰᠠᠨ 12 ᠮᠠᠯᠵᠢᠬᠤ ᠡᠷᠥᠭᠡ ᠬᠤᠯᠪᠤᠭᠠᠯᠠᠨ ᠰᠠᠭᠠᠯᠢ ᠶᠢᠨ ᠥᠨᠢᠶ᠎ᠠ ᠮᠠᠯᠵᠢᠬᠤ ᠲᠤᠰᠬᠠᠢ ᠬᠤᠷᠰᠢᠶᠠᠵᠢᠯ ᠪᠠᠶᠢᠭᠤᠯᠵᠥ᠂ ᠡᠨᠡ ᠵᠢᠯ 85 ᠲᠥᠮᠡᠨ ᠲᠥᠭᠦᠷᠢᠭ ᠤᠨ ᠪᠡᠯᠡ ᠤᠷᠤᠭᠤᠯᠵᠥ ᠪᠥᠲᠥᠭᠡᠨ ᠪᠠᠶᠢᠭᠤᠯᠤᠭᠰᠠᠨ ᠰᠠᠭᠤᠷᠢᠨ ᠭᠠᠵᠠᠷ ᠤᠨ ᠲᠥᠷᠥᠯ ᠵᠥᠢᠯ ᠨᠢᠭᠡᠨᠲᠡ ᠠᠰᠢᠭᠯᠠᠯᠲᠠ ᠳᠤ ᠤᠷᠤᠪᠠ᠃ ᠰᠠᠭᠤᠷᠢᠨ ᠭᠠᠵᠠᠷ ᠲᠤ ᠫᠸᠡᠭ ᠬᠤᠷᠤᠭ᠎ᠠ᠂ ᠰᠥ ᠶᠢᠨ ᠥᠷᠲᠡᠭᠡ᠂ ᠡᠪᠡᠰᠥ ᠬᠠᠲᠠᠭᠠᠯᠠᠬᠤ ᠫᠸᠡᠭ᠂ ᠲᠡᠵᠢᠭᠡᠯ ᠪᠤᠷᠲᠤᠭ᠎ᠠ ᠡᠳ᠋ᠰᠢᠬᠦᠯᠥᠨ ᠪᠤᠯᠪᠠᠰᠤᠷᠠᠭᠤᠯᠬᠤ ᠲᠥᠭᠦᠭᠡᠷᠥᠮᠵᠢ ᠵᠡᠷᠭᠡ ᠰᠠᠭᠤᠷᠢ ᠲᠥᠭᠦᠭᠡᠷᠥᠮᠵᠢ ᠶᠢ ᠢᠵᠢ ᠪᠥᠷᠢᠲᠥᠬᠦᠯᠵᠥ᠂ ︽ᠬᠤᠷᠰᠢᠨ ᠡᠵᠡᠩᠨᠡᠬᠦ᠂ ᠬᠡᠪᠴᠢᠶᠡᠵᠢᠬᠦᠯᠥᠨ ᠠᠷᠠᠴᠢᠯᠠᠨ ᠮᠠᠯᠵᠢᠬᠤ᠂ ᠪᠠᠷᠢᠮᠵᠢᠶᠠᠵᠢᠭᠤᠯᠤᠨ ᠠᠷᠠᠴᠢᠯᠠᠬᠤ᠂ ᠲᠥᠪᠯᠡᠷᠡᠬᠦᠯᠥᠨ ᠰᠥ ᠰᠠᠭᠠᠵᠥ ᠨᠢᠭᠡᠲᠥᠯᠲᠡᠢ ᠪᠤᠯᠪᠠᠰᠤᠷᠠᠭᠤᠯᠬᠤ︾ ᠱᠠᠭᠠᠷᠲᠠᠯᠭ᠎ᠠ ᠶᠢ ᠬᠠᠨᠭ᠍ᠭᠠᠵᠠᠢ᠃   ᠪᠥᠬᠦ ᠬᠤᠰᠢᠭᠤᠨ ᠤ ᠤᠯᠠᠮᠵᠢᠯᠠᠯᠲᠤ ᠴᠠᠭᠠᠨ ᠢᠲᠡᠭᠡᠨ ᠤ ᠠᠵᠤ ᠥᠢᠯᠡᠰ ᠤᠨ ᠲᠥᠷᠭᠡᠨ ᠬᠥᠭᠵᠢᠯᠳᠡ ᠶᠢ ᠳᠠᠭᠠᠯᠳᠤᠨ ᠰᠦ ᠶᠢᠨ ᠬᠡᠷᠡᠭᠴᠡᠭᠡ ᠶᠡᠬᠡᠪᠡᠷ ᠨᠡᠮᠡᠭᠳᠡᠬᠦ ᠶᠢᠨ ᠬᠠᠮᠲᠤ ᠲᠥᠷᠥ ᠶᠢᠨ ᠪᠤᠲᠤᠯᠭ᠎ᠠ ᠶᠢᠨ ᠲᠡᠮᠵᠢᠯᠭᠡ ᠨᠢ ᠰᠠᠭᠠᠯᠢ ᠶᠢᠨ ᠥᠨᠢᠶ᠎ᠠ ᠮᠠᠯᠵᠢᠵᠥ ᠪᠠᠶᠢᠭ᠎ᠠ ᠡᠷᠥᠭᠡ ᠶᠢᠨ ᠢᠲᠡᠪᠬᠢᠵᠢᠯ ᠢ ᠨᠡᠩ ᠲᠠᠶᠢᠴᠢᠯᠠᠭᠰᠠᠨ ᠪᠠᠶᠢᠯ᠎ᠠ᠃ ᠡᠨᠡ ᠵᠢᠯ ᠴᠠᠭᠠᠨᠲᠡᠷᠡᠰᠥ ᠰᠠᠭᠠᠯᠢ ᠶᠢᠨ ᠥᠨᠢᠶ᠎ᠠ ᠮᠠᠯᠵᠢᠬᠤ ᠬᠤᠷᠰᠢᠶᠠᠵᠢᠯ ᠤᠨ 12 ᠡᠷᠥᠭᠡ ᠬᠡᠰᠢᠬᠦᠨ ᠡᠷᠥᠭᠡ ᠪᠥᠷᠢ 10 ᠲᠥᠮᠡᠨ ᠲᠥᠭᠦᠷᠢᠭ ᠪᠡᠯᠡ ᠬᠤᠷᠠᠮᠲᠤᠭᠤᠯᠵᠥ᠂ ᠡᠬᠦᠨ ᠤ ᠲᠡᠭᠡᠷ᠎ᠠ ᠵᠠᠰᠠᠭ ᠤᠨ ᠤᠷᠲᠤᠨ ᠠᠴᠠ ᠰᠠᠭᠠᠯᠢ ᠶᠢᠨ ᠥᠨᠢᠶ᠎ᠠ ᠮᠠᠯᠵᠢᠬᠤ ᠳᠤ ᠤᠯᠭᠤᠭᠰᠠᠨ 30 ᠲᠥᠮᠡᠨ ᠲᠥᠭᠦᠷᠢᠭ ᠤᠨ ᠪᠡᠯᠡ ᠮᠥᠡᠭᠭᠦ ᠲᠠᠢ ᠨᠡᠶᠢᠲᠡ 150 ᠲᠥᠮᠡᠨ ᠲᠥᠭᠦᠷᠢᠭ ᠪᠡᠯᠡ ᠤᠷᠤᠭᠤᠯᠵᠥ᠂ ᠰᠢᠨ᠎ᠡ ᠽᠧᠯᠠᠨᠳ᠋ ᠠᠴᠠ 60 ᠰᠢᠯᠢᠲᠡᠭ ᠡᠬᠦᠯᠲᠡᠷ ᠤᠨ ᠾᠧᠰᠲ᠋ᠠᠨ ᠥᠨᠢᠶ᠎ᠠ ᠤᠷᠤᠭᠤᠯᠵᠥ᠂ ᠥᠢᠯᠡᠳᠪᠤᠷᠢᠯᠡᠯ ᠢᠶᠠᠨ ᠥᠷᠭᠡᠳᠭᠡᠬᠦ ᠪᠠᠷ ᠪᠡᠯᠡᠳᠭᠡᠵᠥ ᠪᠤᠢ᠃ ︽ᠲᠠᠷᠠᠭ᠎ᠠ ᠪᠠᠷ ᠬᠤᠷᠰᠢᠶᠠᠵᠢᠯ ᠤᠨ ᠪᠥᠬᠦ ᠬᠡᠰᠢᠬᠦᠨ ᠡᠷᠥᠭᠡ ᠶᠢᠨ ᠰᠠᠭᠠᠯᠢ ᠶᠢᠨ ᠥᠨᠢᠶ᠎ᠠ ᠶᠢ ᠨᠢᠭᠡᠲᠥᠯᠲᠡᠢ ᠪᠠᠷ ᠰᠠᠭᠤᠷᠢᠨ ᠭᠠᠵᠠᠷ ᠲᠤ ᠬᠥᠷᠭᠡᠨ ᠲᠥᠪᠯᠡᠷᠡᠬᠦᠯᠥᠨ ᠮᠠᠯᠵᠢᠬᠤ᠂ ᠪᠠᠷᠢᠮᠵᠢᠶᠠᠵᠢᠭᠤᠯᠤᠨ ᠮᠠᠯᠵᠢᠬᠤ᠂ ᠲᠥᠪᠯᠡᠷᠡᠬᠦᠯᠥᠨ ᠰᠠᠭᠠᠬᠤ᠂ ᠨᠢᠭᠡᠲᠥᠯᠲᠡᠢ ᠪᠤᠷᠤᠯᠠᠭᠤᠯᠬᠤ ᠶᠢ ᠪᠡᠶᠡᠯᠡᠬᠦᠯᠵᠥ᠂ ᠬᠥᠲᠡᠯᠮᠥᠷᠢ ᠬᠥᠴᠥᠨ ᠢ ᠠᠷᠪᠢᠯᠠᠬᠤ ᠶᠢᠨ ᠬᠠᠮᠲᠤ ᠪᠠᠰᠠ ᠥᠪᠡᠷ ᠤᠨ ᠦᠷᠳᠡᠭ ᠢ ᠪᠠᠭᠤᠷᠠᠭᠤᠯᠵᠥ᠂ ᠨᠡᠩ ᠴᠢᠬᠤᠯᠠ ᠨᠢ ᠰᠢᠨᠵᠢᠯᠡᠬᠦ ᠤᠬᠠᠭᠠᠨᠴᠢ ᠪᠠᠷ ᠮᠠᠯᠵᠢᠬᠤ ᠬᠢᠷᠢ ᠲᠥᠪᠰᠢᠨ ᠢ ᠲᠡᠭᠡᠭᠰᠢᠯᠡᠬᠦᠯᠵᠥ᠂ ᠰᠥ ᠶᠢᠨ ᠴᠢᠨᠠᠷ ᠢ ᠡᠬᠢ ᠢᠷᠡᠯᠳᠡ ᠠᠴᠠ ᠨᠢ ᠪᠠᠲᠤᠯᠠᠨ᠎ᠠ︾ ᠭᠡᠵᠥ ᠲᠠᠪᠰᠢᠯᠲᠤ ᠲᠠᠨᠢᠯᠴᠠᠭᠤᠯᠪᠠ᠃    ᠤᠲᠤᠬᠠᠨ ᠳᠤ ᠬᠥᠪᠡᠭᠡᠲᠥ ᠰᠢᠷ᠎ᠠ ᠬᠤᠰᠢᠭᠤᠨ ᠤ ᠰᠠᠭᠠᠯᠢ ᠶᠢᠨ ᠥᠨᠢᠶᠡᠨ ᠤ ᠶᠡᠷᠥᠩᠭᠡᠢ ᠲᠤᠭ᠎ᠠ 3500᠂ ᠰᠠᠭᠠᠯᠢ ᠶᠢᠨ ᠥᠨᠢᠶ᠎ᠠ ᠮᠠᠯᠵᠢᠵᠥ ᠪᠠᠶᠢᠭ᠎ᠠ ᠡᠷᠥᠭᠡ 189 ᠬᠥᠷᠴᠥ᠂ ᠡᠲᠥᠷ ᠲᠤ 40 ᠭᠠᠷᠤᠢ ᠲᠤᠨ ᠰᠥ ᠰᠠᠭᠠᠵᠥ᠂ ᠵᠢᠯ ᠤᠨ ᠰᠥ ᠶᠢᠨ ᠭᠠᠷᠤᠯᠲᠠ ᠶᠢᠨ ᠬᠡᠮᠵᠢᠶ᠎ᠠ 1.2 ᠲᠥᠮᠡᠨ ᠲᠤᠨ ᠤᠷᠴᠢᠮ ᠬᠥᠷᠴᠥ᠂ ᠪᠥᠬᠦ ᠬᠤᠰᠢᠭᠤᠨ ᠤ ᠥᠨᠲᠤᠰᠤᠲᠡᠨ ᠤ ᠤᠯᠠᠮᠵᠢᠯᠠᠯᠲᠤ ᠴᠠᠭᠠᠨ ᠢᠲᠡᠭᠡᠨ ᠤ ᠠᠵᠤ ᠥᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠥ᠂ ︽ᠴᠠᠭᠠᠨ ᠢᠲᠡᠭᠡᠨ ᠤ ᠪᠠᠯᠭᠠᠰᠤ︾ ᠶᠢ ᠪᠥᠬᠦ ᠬᠥᠴᠥᠨ ᠢᠶᠠᠷ ᠪᠠᠶᠢᠭᠤᠯᠬᠤ ᠳᠤ ᠤᠬᠢ ᠰᠢᠯᠢᠲᠡᠭ᠂ ᠨᠠᠶᠢᠲᠠᠪᠤᠷᠢᠲᠠᠢ᠂ ᠠᠮᠤᠷ ᠲᠥᠪᠰᠢᠨ ᠰᠥ ᠶᠢᠨ ᠢᠷᠡᠯᠲᠡ ᠶᠢ ᠬᠠᠨᠭ᠍ᠭᠠᠵᠥ ᠪᠤᠢ᠃ ᠲᠠᠷᠠᠭᠠᠴᠢ ᠪᠠᠷ ᠲᠤᠰ ᠬᠤᠰᠢᠭᠤ ᠪᠤᠬᠢᠷᠲᠤᠯ ᠥᠭᠡᠢ ᠤᠷᠭᠠᠨᠢᠭ ᠰᠥ ᠶᠢᠨ ᠢᠷᠡᠯᠲᠡ ᠶᠢᠨ ᠰᠠᠭᠤᠷᠢᠨ ᠭᠠᠵᠠᠷ ᠤᠨ ᠪᠥᠲᠥᠭᠡᠨ ᠪᠠᠶᠢᠭᠤᠯᠤᠯᠲᠠ ᠶᠢ ᠢᠲᠡᠪᠬᠢᠲᠡᠢ ᠠᠬᠢᠭᠤᠯᠵᠥ᠂ ᠰᠢᠯᠢᠲᠡᠭ ᠡᠬᠦᠯᠲᠡᠷ ᠤᠨ ᠾᠧᠰᠲ᠋ᠠᠨ ᠥᠨᠢᠶ᠎ᠠ ᠤᠷᠤᠭᠤᠯᠵᠥ ᠮᠠᠯᠵᠢᠬᠤ ᠠᠬᠢᠴᠠ ᠶᠢ ᠲᠥᠷᠭᠡᠳᠭᠡᠵᠥ᠂ ᠬᠡᠪᠴᠢᠶᠡᠵᠢᠯᠲᠠ᠂ ᠪᠠᠷᠢᠮᠵᠢᠶᠠᠵᠢᠯᠲᠠ᠂ ᠤᠶᠤᠨᠴᠢ ᠮᠠᠯᠵᠢᠯ ᠢ ᠠᠬᠢᠭᠤᠯᠵᠥ᠂ ᠰᠢᠯᠢᠲᠡᠭ ᠴᠢᠨᠠᠷᠲᠠᠢ ᠰᠥ ᠬᠠᠨᠭ᠍ᠭᠠᠬᠤ ᠴᠢᠲᠠᠪᠤᠷᠢ ᠶᠢ ᠲᠠᠰᠤᠷᠠᠯᠲᠠ ᠥᠭᠡᠢ ᠲᠡᠭᠡᠭᠰᠢᠯᠡᠬᠦᠯᠵᠥ᠂ 2022 ᠤᠨ ᠪᠤᠯᠬᠤ ᠳᠤ ᠰᠢᠯᠢᠲᠡᠭ ᠡᠬᠦᠯᠲᠡᠷ ᠤᠨ ᠰᠠᠭᠠᠯᠢ ᠶᠢᠨ ᠥᠨᠢᠶᠡᠨ ᠤ ᠲᠤᠭ᠎ᠠ ᠶᠢ 6000 ᠳᠤ ᠬᠥᠷᠭᠡᠵᠥ᠂ ᠡᠲᠥᠷ ᠪᠥᠷᠢ ᠶᠢᠨ ᠰᠥ ᠶᠢᠨ ᠭᠠᠷᠤᠯᠲᠠ ᠶᠢᠨ ᠬᠡᠮᠵᠢᠶ᠎ᠠ ᠶᠢ 80 ᠲᠤᠨ ᠤᠷᠴᠢᠮ ᠬᠥᠷᠭᠡᠬᠦ ᠪᠠᠷ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号