— ᠬᠦᠪᠡᠭᠡᠳᠥ ᠰᠢᠷ᠎ᠠ ᠬᠤᠰᠢᠭᠤᠨ ᠤ ᠥᠨᠳᠥᠰᠥᠳᠡᠨ ᠤ ᠤᠯᠠᠮᠵᠢᠯᠠᠯᠳᠥ ᠴᠠᠭᠠᠨ ᠢᠳᠡᠭᠡᠨ ᠤ ᠠᠵᠥ ᠦᠢᠯᠡᠰ ᠤᠨ | ᠬᠥᠭᠵᠢᠯᠳᠡ ᠶᠢᠨ ᠲᠤᠬᠠᠢ ᠲᠤᠰᠬᠠᠢ ᠮᠡᠳᠡᠭᠡᠯᠡᠯ | ᠬᠠᠮ ᠵᠠᠭᠤᠴᠢᠯᠠᠭᠤᠷ ᠤᠨ ᠰᠤᠷᠪᠤᠯᠵᠢᠯᠠᠬᠴᠢ ᠪᠠᠶᠠᠷᠲᠤ ᠬᠠᠰᠬᠦᠥ | | ᠥᠷᠯᠥᠭᠡ ᠡᠷᠳᠡ ᠰᠢᠨᠡᠪᠤᠯᠠᠭ ᠪᠠᠯᠭᠠᠰᠤᠨ ᠤ ᠵᠡᠭᠡᠯᠢ ᠭᠤᠳᠤᠮᠵᠢ ᠪᠠᠷ ᠥᠩᠭᠡᠷᠡᠬᠦ ᠳᠤ ᠰᠦ ᠰᠠᠭᠠᠯᠢ ᠶᠢᠨ | ᠠᠩᠭᠢᠯᠤᠮ᠎ᠠ ᠥᠨᠥᠷ ᠬᠠᠨᠭ᠍ᠬᠤᠯᠵᠥ᠂ ︽ᠴᠠᠭᠠᠨ ᠢᠳᠡᠭᠡᠨ ᠤ ᠵᠢᠵᠢᠭ ᠪᠠᠯᠭᠠᠰᠥ︾ ᠶᠢᠨ ᠨᠢᠭᠡᠨ ᠡᠳᠥᠷ ᠤᠨ ᠶᠠᠭᠠᠷᠠᠯᠳᠠᠢ | ᠠᠵᠢᠯ ᠡᠬᠢᠯᠡᠨ᠎ᠡ᠃ | ︽ᠬᠤᠷᠤᠳ ᠪᠤᠯᠤᠨ ᠰᠢᠷ᠎ᠠ ᠲᠤᠰᠤ ᠠᠪᠤᠶ᠎ᠠ︾ ︽ᠴᠠᠭᠠᠨ ᠢᠳᠡᠭᠡᠨ ᠢᠶᠠᠨ ᠭᠤᠪᠢᠭᠤᠯᠤᠭᠰᠠᠨ ᠤ ᠲᠠᠷᠠᠭ᠎ᠠ | ᠭᠤᠪᠢᠭᠤᠯᠭ᠎ᠠ ᠶᠢᠨ ᠳ᠋ᠤᠭᠠᠷ ᠢ ᠨᠢ ᠶᠠᠪᠤᠭᠤᠯᠤᠭᠠᠳ ᠥᠭᠬᠦᠨ᠎ᠡ ᠤᠤ︖︾ ᠬᠥᠪᠡᠭᠡᠲᠥ ᠰᠢᠷ᠎ᠠ ᠬᠤᠰᠢᠭᠤᠨ ᠤ ︽ | ᠵᠠᠪᠢᠯᠠᠬᠤ︾ ᠤᠯᠠᠭᠠᠨ ᠢᠲᠡᠭᠡᠨ ᠴᠠᠭᠠᠨ ᠢᠲᠡᠭᠡᠨ ᠤ ᠲᠡᠯᠭᠡᠭᠦᠷ ᠤᠨ ᠠᠷᠠᠯᠵᠢᠶ᠎ᠠ ᠲᠤᠩ ᠬᠥᠭᠵᠢᠶᠡᠨᠲᠡᠢ᠃ | ᠲᠡᠯᠭᠡᠭᠦᠷ ᠤᠨ ᠡᠵᠡᠨᠲᠡᠨ ᠡᠷᠬᠢᠮᠲᠤ ᠪᠤᠯᠤᠨ ᠤᠷᠠᠨ᠎ᠠ ᠶᠢᠨ ᠭᠠᠷ ᠤᠲᠠᠰᠤᠨ ᠳᠤ ᠸᠢᠴᠠᠲ᠂ ᠤᠬᠤᠷ ᠴᠢᠮᠡᠭᠡ | ᠲᠠᠰᠤᠷᠠᠯᠲᠠ ᠥᠭᠡᠢ ᠢᠷᠡᠵᠥ ᠪᠠᠶᠢᠯ᠎ᠠ᠃ ︽ᠤᠢᠢᠷ᠎ᠠ ᠳᠤ ᠭᠠᠲᠠᠨ᠎ᠠ ᠭᠠᠵᠠᠷ ᠠᠴᠠ ᠢᠷᠡᠬᠦᠯᠬᠦ ᠵᠠᠬᠢᠶᠠᠯᠠᠭ᠎ᠠ ᠤᠯᠠᠰᠢᠷᠠᠯ᠎ᠠ | ᠂ ᠪᠥᠲᠥᠭᠡᠭᠲᠡᠬᠦᠨ ᠤ ᠬᠠᠨᠭ᠍ᠭᠠᠯᠭ᠎ᠠ ᠨᠢ ᠬᠡᠷᠡᠭᠴᠡᠭᠡ ᠳᠤ ᠪᠠᠨ ᠬᠥᠷᠭᠦ ᠥᠭᠡᠢ ᠰᠢᠭ ᠪᠤᠯᠬᠤᠷ ᠤᠷᠢᠳᠴᠢᠯᠠᠨ ᠵᠠᠬᠢᠶᠠᠯᠠᠵᠥ | ᠪᠠᠶᠢᠨ᠎ᠠ︾ ᠭᠡᠵᠥ ᠤᠷᠠᠨ᠎ᠠ ᠪᠠᠷᠠᠭ᠎ᠠ ᠪᠠᠨ ᠲᠡᠭᠰᠢᠯᠡᠬᠦ ᠶᠢᠨ ᠲᠠᠭᠠᠥ ᠶᠠᠷᠢᠨ᠎ᠠ᠃ | ︽ᠵᠠᠪᠢᠯᠠᠬᠤ︾ ᠤᠯᠠᠭᠠᠨ ᠢᠲᠡᠭᠡᠨ ᠴᠠᠭᠠᠨ ᠢᠲᠡᠭᠡᠨ ᠤ ᠲᠡᠯᠭᠡᠭᠦᠷ ᠨᠢ ᠬᠥᠪᠡᠭᠡᠳᠥ ᠰᠢᠷ᠎ᠠ ᠬᠤᠰᠢᠭᠤᠨ ᠤ | ᠥᠨᠲᠤᠰᠤᠲᠡᠨ ᠤ ᠵᠠᠩ ᠥᠢᠯᠡ ᠶᠢᠨ ᠵᠡᠭᠡᠯᠢ ᠳᠤ ᠪᠠᠶᠢᠷᠢᠯᠠᠵᠥ᠂ 140 ᠬᠠᠪᠲᠠᠭᠠᠢ ᠲᠥᠷᠪᠡᠯᠵᠢᠨ ᠮᠧᠲᠷ ᠬᠤᠶᠠᠷ | ᠲᠠᠪᠬᠤᠷᠯᠢᠭ ᠠᠰᠠᠷ ᠲᠤ ᠬᠤᠷᠤᠳ᠂ ᠵᠥᠭᠡᠭᠡᠢ᠂ ᠴᠤᠷ᠎ᠠ᠂ ᠲᠦᠲᠡ ᠵᠡᠷᠭᠡ ᠴᠠᠭᠠᠨ ᠢᠲᠡᠭᠡᠨ ᠤ ᠪᠥᠲᠥᠭᠡᠭᠲᠡᠬᠦᠨ ᠪᠥᠷᠢᠨ | ᠪᠠᠶᠢᠵᠥ᠂ ᠪᠤᠷᠤᠯᠠᠭᠤᠯᠭ᠎ᠠ ᠶᠢᠨ ᠲᠤᠭᠤᠷᠢᠭ ᠤᠨ ᠬᠤᠶᠢᠲᠤ ᠬᠡᠰᠡᠭ ᠲᠤ ᠨᠢ ᠥᠢᠯᠡᠳᠪᠤᠷᠢᠯᠡᠯ ᠤᠨ ᠲᠠᠰᠤᠭ᠂ ᠢᠰᠭᠡᠬᠦ | ᠲᠠᠰᠤᠭ᠂ ᠬᠠᠲᠠᠭᠠᠬᠤ ᠲᠠᠰᠤᠭ ᠵᠡᠷᠭᠡ ᠶᠢ ᠰᠠᠯᠭᠠᠨ ᠪᠠᠶᠢᠷᠢᠯᠠᠭᠤᠯᠵᠠᠢ᠃ | ᠡᠷᠬᠢᠮᠲᠤ ᠤᠷᠠᠨ᠎ᠠ ᠬᠤᠶᠠᠷ ᠪᠤᠯ ᠪᠤᠭᠲᠠ ᠶᠢᠨ ᠭᠤᠤᠯ ᠰᠤᠮᠤ ᠶᠢᠨ ᠵᠠᠪᠢᠯᠠᠬᠤ ᠭᠠᠴᠠᠭᠠᠨ ᠤ ᠮᠠᠯᠴᠢᠨ᠂ | ᠲᠠᠭᠠᠭᠠᠴᠢᠯᠠᠭᠰᠠᠨ ᠨᠤᠲᠤᠭ ᠨᠢ 600 ᠭᠠᠷᠤᠢ ᠯᠠ ᠮᠥ ᠪᠤᠯᠬᠤᠷ ᠮᠠᠯᠵᠢᠯ ᠤᠨ ᠤᠷᠤᠯᠭ᠎ᠠ ᠪᠠᠷ ᠨᠢᠭᠡ ᠭᠡᠷ ᠪᠥᠯᠢ ᠶᠢᠨ | ᠠᠮᠢᠲᠤᠷᠠᠯ ᠢ ᠠᠷᠭᠠᠴᠠᠵᠥ ᠲᠡᠶᠢᠯᠬᠦ ᠥᠭᠡᠢ᠂ ᠤᠨᠴᠠᠭᠠᠢᠢᠯᠠᠨ ᠤᠢᠢᠷ᠎ᠠ ᠶᠢᠨ ᠬᠡᠲᠥᠨ ᠵᠢᠯ ᠬᠤᠶᠠᠭᠤᠯᠠ ᠪᠠᠨ ᠪᠥᠷ | ᠡᠪᠡᠳᠴᠢᠨ ᠥᠵᠡᠬᠦᠯᠥᠭᠰᠡᠨ ᠲᠤᠯᠠ ᠵᠠᠷᠤᠲᠠᠯ ᠴᠥ ᠶᠡᠭᠡ ᠪᠤᠯᠵᠥ᠂ 2014 ᠤᠨ ᠳᠤ ᠬᠥᠴᠢᠷᠲᠡᠯᠲᠡᠢ ᠡᠷᠥᠭᠡ ᠪᠠᠷ | ᠳᠠᠩᠰᠠᠯᠠᠬᠳᠠᠪᠠ᠃ 2016 ᠤᠨ ᠳᠤ ᠥᠢᠯᠡᠳᠪᠤᠷᠢᠯᠡᠯ ᠢ ᠬᠥᠭᠵᠢᠬᠦᠯᠬᠦ ᠳᠤ ᠲᠤᠬᠢᠷᠠᠮᠵᠢᠲᠠᠢ ᠭᠠᠵᠠᠷ ᠨᠡᠬᠦᠯᠭᠡᠨ | ᠰᠢᠯᠵᠢᠬᠦᠯᠵᠥ ᠶᠠᠳᠠᠭᠤ ᠶᠢ ᠲᠡᠳᠬᠦᠬᠦ ᠲᠥᠷᠥ ᠶᠢᠨ ᠪᠤᠲᠤᠯᠭ᠎ᠠ ᠪᠠᠷ ᠰᠢᠨᠡᠪᠤᠯᠠᠭ ᠪᠠᠯᠭᠠᠰᠤᠨ ᠳᠤ 75 ᠬᠠᠪᠲᠠᠭᠠᠢ | ᠲᠥᠷᠪᠡᠯᠵᠢᠨ ᠮᠧᠲᠷ ᠲᠠᠯᠠᠪᠠᠢ ᠪᠥᠬᠦᠢ ᠨᠢᠭᠡ ᠤᠷᠤᠨ ᠰᠠᠭᠤᠴᠠ ᠶᠢᠨ ᠠᠰᠠᠷ ᠬᠤᠪᠢᠲᠠᠨ ᠤᠯᠵᠠᠢ᠃ ᠤᠷᠤᠨ | ᠰᠠᠭᠤᠴᠠ ᠶᠢᠨ ᠠᠰᠠᠭᠤᠲᠠᠯ ᠢ ᠨᠢ ᠰᠢᠢᠳᠪᠤᠷᠢᠯᠡᠭᠰᠡᠨ ᠤ ᠲᠠᠷᠠᠭ᠎ᠠ ᠬᠤᠰᠢᠭᠤᠨ ᠤ ᠶᠠᠲᠠᠭᠤ ᠶᠢ ᠲᠡᠳᠬᠦᠬᠦ ᠠᠯᠪᠠᠨ ᠭᠡᠷ | ᠪᠤᠯᠤᠨ ᠬᠠᠪᠰᠤᠷᠤᠨ ᠲᠡᠳᠬᠦᠬᠦ ᠨᠢᠭᠡᠴᠢ ᠶᠢᠨ ᠠᠵᠢᠯᠲᠠᠳ ᠲᠡᠳᠡᠨ ᠲᠠᠢ ᠵᠥᠪᠳᠡᠯᠴᠡᠵᠥ᠂ ᠪᠥᠬᠦ ᠬᠤᠰᠢᠭᠤᠨ ᠤ | ᠤᠯᠠᠮᠵᠢᠯᠠᠯᠲᠤ ᠴᠠᠭᠠᠨ ᠢᠲᠡᠭᠡᠨ ᠤ ᠠᠵᠤ ᠥᠢᠯᠡᠰ ᠤᠨ ᠬᠥᠭᠵᠢᠯᠲᠡ ᠶᠢᠨ ᠲᠤᠬᠢᠶᠠᠯ ᠢ ᠠᠰᠢᠭᠯᠠᠨ ᠴᠠᠭᠠᠨ | ᠢᠲᠡᠭᠡᠨ ᠤ ᠲᠡᠯᠭᠡᠭᠦᠷ ᠡᠷᠬᠢᠯᠡᠪᠡᠯ ᠶᠠᠮᠠᠷ ᠪᠤᠢ ᠭᠡᠵᠥ ᠰᠠᠨᠠᠭᠤᠯᠭ᠎ᠠ ᠥᠭᠬᠦᠭᠰᠡᠨ ᠪᠠᠶᠢᠯ᠎ᠠ᠃ | ᠴᠠᠭᠠᠨ ᠢᠳᠡᠭᠡᠨ ᠬᠢᠬᠦ ᠳᠤ ᠪᠠᠨ ᠴᠢᠳᠠᠮᠠᠭᠠᠢ ᠤᠷᠠᠨ᠎ᠠ ᠨᠥᠬᠦᠷ ᠲᠠᠢ ᠪᠠᠨ ᠬᠤᠶᠠᠭᠤᠯᠠ ᠵᠥᠪᠲᠡᠵᠥ ᠪᠠᠶᠢᠭᠠᠳ | ᠲᠤᠬᠠᠢ ᠶᠢᠨ ᠵᠢᠯ ᠳᠤ ᠪᠠᠨ ᠲᠡᠯᠭᠡᠭᠦᠷ ᠲᠥᠷᠢᠶᠡᠰᠥᠯᠡᠨ ᠴᠠᠭᠠᠨ ᠢᠲᠡᠭᠡᠨ ᠬᠢᠵᠥ ᠪᠤᠷᠤᠯᠠᠭᠤᠯᠬᠤ ᠥᠢᠯᠡᠰ ᠤᠨ | ᠵᠠᠮ ᠢᠶᠠᠨ ᠡᠯᠬᠦᠵᠡᠢ᠃ ︽ᠡᠬᠢᠨ ᠳᠤ ᠪᠠᠨ ᠬᠡᠲᠦ᠋ᠢᠪᠡᠷ ᠨᠢᠭᠡ ᠡᠲᠥᠷ ᠲᠤ ᠲᠥᠡᠭᠭᠡᠵᠤ 100 ᠭᠠᠷᠤᠢ ᠵᠢᠩ ᠰᠥ | ᠪᠤᠯᠪᠠᠰᠤᠷᠠᠭᠤᠯᠵᠥ ᠪᠠᠶᠢᠭᠰᠠᠨ ᠪᠤᠯᠪᠠᠴᠥ ᠤᠷᠤᠯᠭ᠎ᠠ ᠲᠤᠭᠲᠠᠭᠤᠨ᠂ ᠲᠠᠬᠢᠪᠠᠯ ᠬᠤᠰᠢᠭᠤᠨ ᠠᠴᠠ ᠡᠯ᠎ᠠ ᠵᠥᠢᠯ ᠤᠨ | ᠶᠠᠲᠠᠭᠤ ᠶᠢ ᠲᠡᠳᠬᠦᠬᠦ ᠲᠥᠷᠥ ᠶᠢᠨ ᠪᠤᠲᠤᠯᠭ᠎ᠠ ᠶᠢᠨ ᠲᠡᠮᠵᠢᠯᠭᠡ ᠥᠵᠡᠬᠦᠯᠥᠭᠰᠡᠨ ᠠᠴᠠ ᠲᠤᠬᠠᠢ ᠶᠢᠨ ᠵᠢᠯ ᠳᠤ ᠪᠠᠨ | ᠪᠢᠲᠠ ᠶᠠᠲᠠᠭᠤ ᠠᠴᠠ ᠠᠩᠭᠢᠵᠢᠷᠠᠭᠰᠠᠨ︾ ᠭᠡᠵᠥ ᠤᠷᠠᠨ᠎ᠠ ᠰᠤᠷᠪᠤᠯᠵᠢᠯᠠᠬᠴᠢ ᠳᠤ ᠶᠠᠷᠢᠨ᠎ᠠ᠃ | ᠥᠨᠥᠲᠤᠷ ᠡᠷᠬᠢᠮᠲᠤ ᠪᠤᠯᠤᠨ ᠤᠷᠠᠨ᠎ᠠ ᠶᠢᠨ ᠰᠢᠨ᠎ᠠ ᠲᠡᠯᠭᠡᠭᠦᠷ ᠢ ᠴᠥ ᠬᠤᠰᠢᠭᠤᠨ ᠠᠴᠠ ᠬᠠᠨᠭ᠍ᠭᠠᠵᠥ᠂ ᠭᠤᠷᠪᠠᠨ | ᠵᠢᠯ ᠲᠥᠷᠢᠶᠡᠰᠥᠨ ᠮᠥᠡᠭᠭᠦ ᠶᠢ ᠬᠡᠯᠲᠥᠷᠢᠬᠦᠯᠬᠦ ᠪᠠᠷ ᠲᠤᠭᠲᠠᠪᠠ᠃ ︽ᠬᠡᠷᠡᠭᠯᠡᠭᠴᠢ ᠤᠯᠠᠨ ᠪᠤᠯᠬᠤ ᠶᠢ ᠲᠠᠭᠠᠯᠲᠤᠨ ᠡᠨᠡ | ᠵᠢᠯ ᠤᠨ ᠤᠷᠤᠯᠭ᠎ᠠ ᠯᠠᠪᠲᠠᠢ ᠥᠡᠭᠭᠡᠷᠡᠭᠰᠡᠨ ᠵᠢᠯ ᠠᠴᠠ ᠨᠡᠮᠡᠭᠲᠡᠨᠠ᠂ ᠲᠥᠷᠥ ᠶᠢᠨ ᠪᠤᠲᠤᠯᠭ᠎ᠠ ᠡᠶᠢᠮᠥ ᠰᠠᠶᠢᠨ | ᠪᠠᠶᠢᠬᠤ ᠳᠤ ᠪᠢᠲᠠ ᠥᠪᠡᠷᠰᠡᠳ ᠢᠶᠠᠨ ᠴᠢᠷᠮᠠᠶᠢᠬᠤ ᠥᠭᠡᠢ ᠶᠠᠭᠠᠬᠢᠵᠥ ᠪᠤᠯᠬᠤ ᠪᠤᠢ︾ ᠭᠡᠵᠥ ᠡᠷᠬᠢᠮᠲᠤ ᠶᠠᠷᠢᠨ᠎ᠠ᠃ | ᠤᠯᠠᠮᠵᠢᠯᠠᠯᠲᠤ ᠴᠠᠭᠠᠨ ᠢᠲᠡᠭᠡᠨ ᠤ ᠤᠷᠳᠤ ᠤᠳᠠᠭᠠᠨ ᠲᠡᠥᠭᠡ ᠲᠠᠢ ᠡᠨᠡ ᠬᠦ ᠲᠠᠯ᠎ᠠ ᠨᠤᠲᠤᠭ ᠤᠨ ᠵᠢᠵᠢᠭ | ᠪᠠᠯᠭᠠᠰᠤᠨ ᠳᠤ ᠮᠠᠯᠴᠢᠨ ᠠᠷᠠᠳ ᠮᠠᠨᠢ ᠤᠯᠠᠮᠵᠢᠯᠠᠯᠲᠤ ᠤᠷ᠎ᠠ ᠮᠡᠷᠭᠡᠵᠢᠯ ᠤᠨ ᠲᠠᠪᠠᠭᠤᠯᠢᠭ ᠢ ᠲᠠᠬᠢᠨᠲᠠ ᠪᠠᠲᠠᠷᠠᠭᠤᠯᠵᠥ᠂ | ᠤᠨᠴᠠᠭᠠᠢᠢᠯᠠᠨ ᠲᠤᠬᠠᠢ ᠶᠢᠨ ᠭᠠᠵᠠᠷ ᠤᠨ ᠶᠠᠲᠠᠭᠤ ᠠᠴᠠ ᠠᠩᠭᠢᠵᠢᠷᠠᠭᠤᠯᠵᠥ ᠴᠢᠨᠡᠭᠡᠯᠢᠭᠵᠢᠬᠦᠯᠬᠦ ᠠᠵᠢᠯ ᠳᠤ ᠰᠢᠨ᠎ᠠ | ᠲᠤᠬᠢᠶᠠᠯ ᠪᠤᠯᠵᠥ᠂ ᠴᠠᠭᠠᠨ ᠢᠲᠡᠭᠡᠨ ᠤ ᠠᠵᠤ ᠥᠢᠯᠡᠰ ᠨᠢ ᠬᠥᠭᠵᠢᠯᠲᠠ ᠶᠢᠨ ᠡᠷᠴᠢ ᠬᠥᠴᠥᠨ ᠪᠢᠯᠬᠠᠭᠤᠯᠤᠨ᠎ᠠ᠃ | ᠷᠤᠯᠭᠠᠷᠰᠦ᠋ᠷᠥᠩ ᠪᠤᠯ ᠪᠤᠭᠳᠠ ᠶᠢᠨ ᠭᠤᠤᠯ ᠰᠤᠮᠤ ᠶᠢᠨ ᠲᠠᠯᠪᠢᠭᠤᠷ ᠭᠠᠴᠠᠭᠠᠨ ᠤ ᠮᠠᠯᠴᠢᠨ᠂ ᠲᠡᠷᠡ 2004 | ᠤᠨ ᠠᠴᠠ ᠡᠬᠢᠯᠡᠨ ᠰᠠᠭᠠᠯᠢ ᠶᠢᠨ ᠥᠨᠢᠶ᠎ᠠ ᠮᠠᠯᠵᠢᠵᠥ᠂ ᠰᠠᠶ᠋ᠢ ᠡᠬᠢᠯᠡᠭᠡᠳ ᠬᠤᠶᠠᠷᠬᠠᠨ ᠰᠠᠭᠠᠯᠢ ᠶᠢᠨ ᠥᠨᠢᠶ᠎ᠠ ᠲᠠᠢ | ᠪᠠᠶᠢᠭᠰᠠᠨ ᠢᠶᠠᠨ ᠤᠲᠤ 20 ᠪᠤᠯᠵᠥ᠂ ᠡᠲᠥᠷ ᠲᠤ 400 ᠭᠠᠷᠤᠢ ᠵᠢᠩ ᠰᠥ ᠰᠠᠭᠠᠵᠥ᠂ ᠵᠢᠯ ᠤᠨ ᠤᠷᠤᠯᠭ᠎ᠠ ᠨᠢ 20 | ᠭᠠᠷᠤᠢ ᠲᠥᠮᠡᠨ ᠲᠥᠭᠦᠷᠢᠭ ᠲᠤ ᠬᠥᠷᠲᠡᠭ᠃ ︽ᠡᠨᠡ ᠵᠢᠯ ᠰᠠᠭᠠᠯᠢ ᠶᠢᠨ ᠥᠨᠢᠶᠡᠨ ᠤ ᠲᠤᠭᠤᠯ ᠤᠨ ᠥᠨ᠎ᠡ ᠪᠠᠰᠠ | ᠰᠠᠶᠢᠨ᠂ 7 ᠡᠷ᠎ᠠ ᠲᠤᠭᠤᠯ ᠢᠶᠠᠨ ᠲᠡᠭᠰᠢᠳᠭᠡᠭᠡᠳ 6000 ᠲᠥᠭᠦᠷᠢᠭ ᠢᠶᠠᠷ ᠬᠤᠲᠠᠯᠲᠤᠯᠠ᠃ ᠰᠠᠭᠠᠯᠢ ᠶᠢᠨ ᠥᠨᠢᠶ᠎ᠠ | ᠮᠠᠯᠵᠢᠬᠤ ᠪᠠᠷ ᠲᠠᠮᠵᠢᠭᠠᠳ ᠮᠠᠨ ᠤ ᠬᠢᠨ ᠴᠢᠨᠠᠭᠡᠯᠢᠭᠵᠢᠯ ᠤᠨ ᠵᠠᠮ ᠤᠷᠤᠭᠤ ᠴᠢᠭᠯᠡᠵᠥ ᠡᠬᠢᠯᠡᠭᠰᠡᠨ ᠰᠢᠥ︾ ᠭᠡᠵᠥ | ᠷᠤᠯᠭᠠᠷᠰᠦ᠋ᠷᠥᠩ ᠰᠤᠷᠪᠤᠯᠵᠢᠯᠠᠬᠴᠢ ᠳᠤ ᠪᠠᠶᠠᠷᠳᠠᠢ ᠶᠠᠷᠢᠨ᠎ᠠ᠃ ᠲᠥᠷᠥᠬᠦᠥ ᠬᠡᠲᠥᠨ ᠵᠢᠯ ᠷᠤᠯᠭᠠᠷᠰᠦ᠋ᠷᠥᠩ ᠤᠨ ᠬᠢᠨ 3 | ᠤᠶᠤᠲᠠᠨ ᠬᠥᠮᠥᠵᠢᠬᠦᠯᠵᠥ᠂ ᠠᠮᠢᠲᠤᠷᠠᠯ ᠨᠢ ᠬᠥᠴᠢᠷᠲᠡᠯᠲᠡᠢ ᠪᠠᠶᠢᠪᠠ᠃ ᠡᠨᠡ ᠬᠤᠶᠠᠷ ᠵᠢᠯ ᠬᠡᠥᠭᠡᠳ ᠨᠢ ᠶᠡᠭᠡ | ᠰᠤᠷᠭᠠᠭᠤᠯᠢ ᠪᠠᠨ ᠲᠡᠬᠦᠰᠭᠡᠵᠥ᠂ ᠷᠤᠯᠭᠠᠷᠰᠦ᠋ᠷᠥᠩ ᠴᠥ ᠲᠠᠷᠤᠭᠠᠰᠤ ᠥᠭᠡᠢ ᠪᠤᠯᠤᠭᠰᠠᠨ ᠢᠶᠠᠷ ᠠᠷᠠᠴᠢᠯᠠᠨ ᠮᠠᠯᠵᠢᠬᠤ | ᠬᠡᠪᠴᠢᠶ᠎ᠠ ᠪᠠᠨ ᠠᠭᠠᠵᠢᠮ ᠢᠶᠠᠷ ᠥᠷᠭᠡᠳᠭᠡᠵᠥ᠂ ᠤᠷᠤᠯᠭ᠎ᠠ ᠨᠢ ᠵᠢᠯ ᠲᠤᠲᠤᠮ ᠨᠡᠮᠡᠭᠲᠡᠵᠥ᠂ ᠲᠥᠷᠥᠬᠦᠥ ᠬᠡᠲᠥᠨ | ᠵᠢᠯ ᠤᠨ ᠵᠢᠭᠡᠯᠡᠯᠭᠡ ᠪᠠᠨ ᠪᠥᠬᠦᠨ ᠢ ᠪᠤᠴᠠᠭᠠᠵᠠᠢ᠃ | ᠤᠢᠢᠷ᠎ᠠ ᠶᠢᠨ ᠵᠢᠯ ᠠᠴᠠ ᠨᠠᠭᠠᠰᠢ᠂ ᠬᠥᠪᠡᠭᠡᠲᠥ ᠰᠢᠷ᠎ᠠ ᠬᠤᠰᠢᠭᠤ ᠭᠦᠨ ᠵᠤᠵᠠᠭᠠᠨ ᠲᠡᠥᠭᠡ ᠰᠤᠶᠤᠯ ᠤᠨ | ᠥᠪ ᠲᠤ ᠪᠠᠨ ᠲᠦᠰᠢᠭᠯᠡᠨ᠂ ᠠᠮᠢ ᠠᠬᠤᠢ ᠶᠢ ᠤᠷᠢᠳ ᠢᠶᠠᠷ ᠪᠤᠲᠤᠯᠬᠢᠯᠠᠬᠰᠠᠨ᠂ ᠪᠤᠬᠢᠷᠲᠤᠯ ᠥᠭᠡᠢ ᠬᠥᠭᠵᠢᠯᠲᠡ ᠪᠠᠷ | ᠤᠲᠤᠷᠢᠲᠤᠮᠵᠢ ᠪᠤᠯᠭᠠᠭᠰᠠᠨ ᠴᠢᠨᠠᠷ ᠰᠠᠶᠢᠲᠠᠢ ᠬᠥᠭᠵᠢᠯᠲᠡ ᠶᠢᠨ ᠰᠢᠨ᠎ᠠ ᠵᠠᠮ ᠢ ᠡᠷᠢᠯᠬᠢᠯᠡᠵᠥ᠂ ᠥᠨᠲᠤᠰᠤᠲᠡᠨ ᠤ | ᠤᠯᠠᠮᠵᠢᠯᠠᠯᠲᠤ ᠴᠠᠭᠠᠨ ᠢᠲᠡᠭᠡᠨ ᠤ ᠲᠠᠯᠲᠠ ᠬᠥᠴᠥᠨ ᠢ ᠬᠥᠨᠵᠡᠭᠡᠢ ᠠᠭᠤᠲᠠᠯᠯᠠᠨ ᠠᠷᠠᠳ ᠢ ᠪᠠᠶᠠᠵᠢᠭᠤᠯᠵᠥ | ᠴᠢᠨᠡᠭᠡᠯᠢᠭᠵᠢᠬᠦᠯᠬᠦ ᠴᠢᠬᠤᠯᠠ ᠠᠵᠤ ᠥᠢᠯᠡᠰ ᠪᠤᠯᠤᠨ ᠶᠠᠲᠠᠭᠤ ᠶᠢ ᠲᠡᠳᠬᠦᠬᠦ ᠭᠤᠤᠯᠯᠠᠭᠴᠢ ᠠᠵᠤ ᠥᠢᠯᠡᠰ ᠪᠤᠯᠭᠠᠨ | ᠭᠤᠤᠯᠲᠠᠯᠭ᠎ᠠ ᠲᠠᠢ ᠬᠥᠭᠵᠢᠬᠦᠯᠵᠥ᠂ ᠪᠥᠬᠦ ᠠᠵᠤ ᠥᠢᠯᠡᠰ ᠢ ᠲᠡᠰ ᠲᠡᠪᠰᠢᠬᠦᠯᠥᠨ ᠬᠥᠭᠵᠢᠬᠦᠯᠬᠦ ᠲᠥᠷᠥᠯ ᠵᠥᠢᠯ ᠢ | ᠬᠡᠷᠡᠭᠵᠢᠬᠦᠯᠵᠥ᠂ ᠠᠵᠤ ᠥᠢᠯᠡᠰ ᠤᠨ ᠬᠥᠭᠵᠢᠯᠲᠡ ᠶᠢ ᠠᠬᠢᠭᠤᠯᠬᠤ ᠪᠤᠯᠤᠨ ᠠᠷᠠᠳ ᠤᠯᠠᠨ ᠤ ᠤᠷᠤᠯᠭ᠎ᠠ ᠶᠢ | ᠨᠡᠮᠡᠭᠲᠡᠬᠦᠯᠬᠦ ᠬᠤᠤᠰ ᠠᠮᠵᠢᠯᠲᠠ ᠶᠢ ᠤᠯᠵᠥ ᠪᠠᠶᠢᠨ᠎ᠠ᠃ ᠪᠥᠷᠢᠳᠭᠡᠯ ᠢ ᠥᠨᠲᠤᠰᠤᠯᠡᠪᠡᠯ᠂ ᠪᠥᠬᠦ ᠬᠤᠰᠢᠭᠤᠨ ᠤ ᠴᠠᠭᠠᠨ | ᠢᠲᠡᠭᠡᠨ ᠤ ᠠᠵᠤ ᠥᠢᠯᠡᠰ ᠲᠤ ᠤᠷᠤᠯᠴᠠᠵᠥ ᠪᠠᠶᠢᠭ᠎ᠠ ᠬᠥᠮᠥᠨ ᠤ ᠲᠤᠭ᠎ᠠ 900 ᠰᠢᠬᠠᠮ ᠪᠠᠶᠢᠵᠥ᠂ ᠡᠬᠦᠨ ᠳᠤ | ᠬᠥᠴᠢᠷᠲᠡᠯᠲᠡᠢ ᠡᠷᠥᠭᠡ ᠪᠠᠷᠤᠭ 10% ᠶᠢ ᠡᠵᠡᠯᠡᠵᠥ ᠪᠤᠢ᠂ ᠴᠠᠭᠠᠨ ᠢᠲᠡᠭᠡᠨ ᠬᠢᠵᠥ ᠪᠠᠶᠢᠭ᠎ᠠ ᠬᠥᠮᠥᠰ ᠤᠨ ᠵᠢᠯ ᠤᠨ | ᠲᠤᠮᠲᠠᠴᠢ ᠴᠡᠪᠡᠷ ᠤᠷᠤᠯᠭ᠎ᠠ ᠨᠢ 3 ᠲᠥᠮᠡᠨ ᠲᠥᠭᠦᠷᠢᠭ ᠤᠷᠴᠢᠮ ᠬᠥᠷᠴᠥ᠂ ᠪᠤᠷᠤᠯᠠᠭᠤᠯᠭ᠎ᠠ ᠬᠢᠵᠥ ᠪᠠᠶᠢᠭ᠎ᠠ | ᠬᠥᠮᠥᠰ ᠤᠨ ᠵᠢᠯ ᠤᠨ ᠲᠤᠮᠲᠠᠴᠢ ᠤᠷᠤᠯᠭ᠎ᠠ ᠨᠢ 1.5 ᠲᠥᠮᠡᠨ ᠲᠥᠭᠦᠷᠢᠭ ᠤᠷᠴᠢᠮ ᠬᠥᠷᠴᠡᠢ᠃ | ᠤᠳᠠᠯ ᠥᠭᠡᠢ ᠠᠰᠢᠭᠯᠠᠯᠳᠠ ᠳᠤ ᠤᠷᠤᠬᠤ ᠪᠠᠷ ᠪᠠᠶᠢᠭ᠎ᠠ ᠬᠥᠪᠡᠭᠡᠲᠥ ᠰᠢᠷ᠎ᠠ ᠬᠤᠰᠢᠭᠤᠨ ᠤ ᠥᠨᠲᠤᠰᠤᠲᠡᠨ ᠤ | ᠤᠯᠠᠮᠵᠢᠯᠠᠯᠲᠤ ᠴᠠᠭᠠᠨ ᠢᠲᠡᠭᠡᠨ ᠪᠤᠯᠪᠠᠰᠤᠷᠠᠭᠤᠯᠬᠤ ᠠᠵᠤ ᠥᠢᠯᠡᠰ ᠤᠨ ᠲᠤᠭᠤᠷᠢᠭ ᠲᠤ ᠠᠩᠬᠠᠨ ᠤ ᠪᠥᠯᠥᠭ ᠤᠨ | 21 ᠴᠠᠭᠠᠨ ᠢᠲᠡᠭᠡᠨ ᠪᠤᠯᠪᠠᠰᠤᠷᠠᠭᠤᠯᠬᠤ ᠡᠷᠥᠭᠡ ᠶᠢ ᠤᠷᠤᠭᠤᠯᠬᠤ ᠪᠠᠷ ᠲᠥᠯᠥᠪᠯᠡᠵᠥ᠂ ᠡᠬᠦᠨ ᠳᠤ 10 ᠡᠷᠥᠭᠡ ᠨᠢ | ᠶᠠᠲᠠᠭᠤ ᠠᠴᠠ ᠠᠩᠭᠢᠵᠢᠷᠠᠭᠰᠠᠨ ᠡᠷᠥᠭᠡ ᠪᠤᠯᠤᠨ᠎ᠠ᠃ ᠡᠬᠦᠨ ᠠᠴᠠ ᠭᠠᠲᠠᠨ᠎ᠠ ᠵᠢᠱᠢᠶ᠎ᠠ ᠥᠵᠡᠬᠦᠯᠬᠦ ᠡᠷᠥᠭᠡ ᠲᠤᠰ | ᠲᠤᠭᠤᠷᠢᠭ ᠲᠤ ᠤᠷᠤᠬᠤ ᠳᠤ 1 ᠠᠴᠠ ᠲᠡᠭᠡᠭᠰᠢ ᠬᠤᠰᠢᠭᠤᠨ ᠤ ᠲᠡᠰ ᠤᠨ ᠲᠠᠩᠰᠠ ᠡᠪᠭᠡᠮᠡᠯ ᠲᠠᠢ ᠬᠥᠴᠢᠷᠲᠡᠯᠲᠡᠢ | ᠡᠷᠥᠭᠡ ᠶᠢ ᠲᠠᠶᠢᠴᠢᠯᠠᠨ ᠠᠵᠢᠯ ᠤᠯᠭᠤᠬᠤ ᠶᠢ ᠱᠠᠭᠠᠷᠲᠠᠵᠠᠢ᠃ ᠤᠢᠢᠯᠠᠭᠠᠭᠰᠠᠨ ᠢᠶᠠᠷ᠂ ᠲᠤᠰ ᠲᠤᠭᠤᠷᠢᠭ ᠨᠢ | ᠶᠠᠲᠠᠭᠤ ᠶᠢ ᠲᠡᠳᠬᠦᠬᠦ ᠲᠥᠷᠥᠯ ᠵᠥᠢᠯ ᠢᠶᠠᠷ ᠭᠠᠷᠲᠠᠴᠠ ᠪᠤᠯᠭᠠᠨ᠂ ᠤᠷᠤᠯᠭ᠎ᠠ ᠶᠢ ᠨᠡᠮᠡᠭᠲᠡᠬᠦᠯᠵᠥ | ᠴᠢᠨᠠᠭᠡᠯᠢᠭᠵᠢᠬᠦᠯᠬᠦ ᠪᠠᠷ ᠬᠠᠷᠠᠯᠲᠠ ᠪᠤᠯᠭᠠᠵᠥ᠂ ᠲᠠᠷᠠᠬᠠᠢ ᠪᠤᠲᠠᠷᠬᠠᠢ ᠵᠢᠵᠢᠭ ᠥᠢᠯᠡᠳᠭᠡᠯ ᠤᠨ ᠬᠡᠯᠪᠡᠷᠢ ᠶᠢᠨ ᠴᠠᠭᠠᠨ | ᠢᠲᠡᠭᠡ ᠡᠳ᠋ᠰᠢᠬᠦᠯᠥᠨ ᠪᠤᠯᠪᠠᠰᠤᠷᠠᠭᠤᠯᠬᠤ ᠡᠷᠥᠭᠡ ᠶᠢ ᠲᠥᠪᠯᠡᠷᠡᠬᠦᠯᠵᠥ᠂ ᠰᠠᠭᠠᠯᠢ ᠶᠢᠨ ᠥᠨᠢᠶ᠎ᠠ ᠮᠠᠯᠵᠢᠬᠤ᠂ ᠴᠠᠭᠠᠨ | ᠢᠲᠡᠭᠡᠨ ᠪᠤᠯᠪᠠᠰᠤᠷᠠᠭᠤᠯᠬᠤ᠂ ᠵᠠᠬ᠎ᠠ ᠲᠡᠯᠭᠡᠭᠦᠷᠴᠢᠯᠡᠨ ᠡᠵᠡᠩᠨᠡᠬᠦ᠂ ᠨᠡᠷᠡᠲᠥ ᠲᠡᠮᠳᠡᠭᠵᠢᠬᠦᠯᠬᠦ᠂ ᠰᠤᠶᠤᠯ ᠵᠢᠭᠤᠯᠴᠢᠯᠠᠯ | ᠵᠡᠷᠭᠡ ︽ᠲᠠᠪᠤ ᠶᠢ ᠨᠢᠭᠡ ᠴᠤᠭᠴᠠᠵᠢᠭᠤᠯᠬᠤ︾᠂ ᠨᠢᠭᠡᠲᠥᠯᠲᠡᠢ ᠲᠠᠸᠠᠷ ᠤᠨ ᠲᠡᠮᠲᠡᠭ᠂ ᠨᠢᠭᠡᠲᠥᠯᠲᠡᠢ ᠪᠠᠷᠢᠮᠵᠢᠶ᠎ᠠ᠂ | ᠨᠢᠭᠡᠲᠥᠯᠲᠡᠢ ᠪᠤᠭᠤᠲᠠᠯ ᠪᠠᠭᠯᠠᠭ᠎ᠠ᠂ ᠨᠢᠭᠡᠲᠥᠯᠲᠡᠢ ᠡᠵᠡᠩᠨᠡᠨ ᠪᠤᠷᠤᠯᠠᠭᠤᠯᠬᠤ ︽ᠲᠥᠷᠪᠡᠨ ᠨᠢᠭᠡᠲᠥᠯᠲᠡᠢ︾ ᠵᠢᠴᠢ ᠭᠠᠷ | ᠥᠢᠯᠡᠳᠭᠡᠯ ᠤᠨ ᠭᠠᠵᠠᠷ ᠬᠤᠯᠪᠤᠭᠠᠯᠠᠨ ᠡᠵᠡᠩᠨᠡᠭᠰᠡᠨ᠂ ᠲᠤᠯᠤᠭᠠᠢᠢᠯᠠᠭᠴᠢ ᠠᠵᠤ ᠠᠬᠤᠢᠢᠯᠠᠯ ᠲᠠᠶᠢᠴᠢᠯᠠᠭᠰᠠᠨ ︽ | ᠬᠤᠶᠠᠷ ᠭᠡᠯᠪᠡᠷᠢ︾ ᠪᠤᠯᠤᠨ ᠰᠢᠯᠢ ᠶᠢᠨ ᠭᠤᠤᠯ ᠤᠨ ᠬᠥᠪᠡᠭᠡᠲᠥ ᠰᠢᠷ᠎ᠠ ᠬᠤᠰᠢᠭᠤᠨ ᠤ ᠴᠠᠭᠠᠨ ᠢᠲᠡᠭᠡᠨ ᠪ᠊ ︽ᠨᠢᠭᠡ | ᠨᠡᠷᠡᠲᠥ ᠲᠡᠮᠲᠡᠭ︾ ᠭᠡᠬᠦ ᠥᠨᠲᠤᠰᠤᠲᠡᠨ ᠤ ᠤᠯᠠᠮᠵᠢᠯᠠᠯᠲᠤ ᠴᠠᠭᠠᠨ ᠢᠲᠡᠭᠡᠨ ᠤ ᠪᠥᠬᠦ ᠠᠵᠤ ᠥᠢᠯᠡᠰ ᠤᠨ | ᠬᠡᠯᠬᠢᠶᠡᠰᠥ ᠶᠢᠨ ᠬᠥᠭᠵᠢᠯᠲᠡ ᠶᠢᠨ ᠵᠠᠬᠪᠤᠷ ᠢ ᠬᠡᠷᠡᠭᠵᠢᠬᠦᠯᠵᠥ᠂ ᠤᠷᠤᠯᠭ᠎ᠠ ᠶᠢ ᠨᠡᠮᠡᠭᠲᠡᠬᠦᠯᠵᠥ ᠴᠢᠨᠡᠭᠡᠯᠢᠭᠵᠢᠬᠦᠯᠬᠦ | ᠰᠢᠨ᠎ᠠ ᠵᠠᠮ ᠨᠡᠭᠡᠭᠡᠭᠰᠨᠨ ᠢᠶᠠᠷ ᠪᠠᠷᠠᠬᠤ ᠥᠭᠡᠢ᠂ ᠥᠨᠲᠤᠰᠤᠲᠡᠨ ᠤ ᠤᠯᠠᠮᠵᠢᠯᠠᠯᠲᠤ ᠴᠠᠭᠠᠨ ᠢᠲᠡᠭᠡᠨ ᠬᠢᠬᠦ ᠭᠠᠷ | ᠥᠢᠯᠡᠳᠭᠡᠯ ᠤᠨ ᠭᠠᠵᠠᠷ ᠢ ᠪᠠᠷᠢᠮᠵᠢᠶᠠᠵᠢᠭᠤᠯᠤᠨ᠂ ᠡᠷᠴᠢᠮᠵᠢᠬᠦᠯᠥᠨ᠂ ᠨᠡᠷᠡᠲᠥ ᠲᠡᠮᠲᠡᠭᠵᠢᠬᠦᠯᠥᠨ ᠬᠥᠭᠵᠢᠬᠦᠯᠬᠦ ᠲᠠᠶᠢᠰᠢ | ᠵᠠᠮᠨᠠᠵᠥ ᠡᠬᠢᠯᠡᠭᠰᠡᠨ ᠪᠠᠶᠢᠨ᠎ᠠ᠃ |