ᠡᠷᠳᠡᠮ ᠰᠢᠨᠵᠢᠯᠡᠭᠡᠨ ᠤ ᠳ᠋ᠤᠺᠲ᠋ᠤᠷ ᠪᠠ᠊᠂  ᠪᠤᠯᠤᠳ
ᠨᠡᠶᠢᠲᠡᠯᠡᠭᠰᠡᠨ ᠴᠠᠭ᠄
2020/12/21
     ᠡᠷᠳᠡᠮ ᠰᠢᠨᠵᠢᠯᠡᠭᠡᠨ ᠤ ᠳ᠋ᠤᠺᠲ᠋ᠤᠷ ᠪᠠ᠊᠂ ᠪᠤᠯᠤᠳ( 1963.7- )  ᠦᠪᠦᠷ ᠮᠤᠩᠭᠤᠯ ᠤᠨ ᠬᠦᠪᠡᠭᠡᠲᠤ ᠰᠢᠷ᠎ᠠ ᠬᠤᠰᠢᠭᠤᠨ ᠤ ᠤᠤᠯ ᠤᠨ ᠪᠤᠭᠳᠠ ᠠᠭᠤᠯᠠ ᠰᠤᠮᠤᠨ ᠤ ᠪᠤᠭᠳᠠ ᠶᠢᠨ ᠭᠤᠤᠯ ᠪᠠᠷᠢᠭᠠᠳᠠ ᠶᠢᠨ ᠡᠮᠡᠭᠡᠯᠵᠢ ᠪᠠᠷ ᠲᠡᠭᠡᠲᠤ ᠶᠢᠨ ᠨᠤᠲᠤᠭ ᠲᠠᠢ᠃ ᠲᠡᠭᠦᠨ ᠤ ᠡᠪᠦᠭᠡ ᠨᠢ ᠴᠠᠬᠠᠷ ᠤᠨ ᠠᠯᠳᠠᠷᠲᠤ ᠠᠷᠠᠳ ᠤᠨ ᠤᠷᠠᠯᠢᠭᠴᠢᠨ ᠰᠢᠷᠠᠭᠦ᠋ᠯᠦᠭᠡ᠂ ᠠᠪᠤ ᠨᠢ ᠪᠠᠲᠤᠸ᠋ᠴᠢᠷ᠂ ᠡᠵᠢ ᠨᠢ ᠰᠧᠹᠯᠮ᠎ᠠ ᠭᠡᠳᠡᠭ᠂ ᠨᠠᠭᠠᠴᠤ ᠨᠢ ᠰᠢᠯᠢ ᠶᠢᠨ ᠭᠤᠤᠯ ᠠᠶᠢᠮᠠᠭ ᠤᠨ 1982 ᠤᠨ ᠤ ᠠᠷᠠᠳ ᠤᠨ ᠶᠡᠭᠡ ᠨᠠᠭᠠᠳᠤᠮ ᠳᠤ ᠲᠠᠷᠬᠠᠨ ᠴᠤᠯᠠ ᠪᠠᠨ ᠲᠠᠭᠤᠷᠢᠰᠬᠠᠭᠰᠠᠨ ᠴᠠᠬᠠᠷ ᠤᠨ ᠠᠯᠳᠠᠷᠲᠤ ᠪᠦᠬᠡ ᠨᠠᠮᠬᠠᠶᠢᠨᠢᠮᠪᠤᠤ ᠨᠠᠷ ᠪᠤᠯ ᠤᠰᠤ ᠨᠤᠲᠤᠭ ᠤᠳᠤᠮ ᠲᠦᠷᠦᠯ ᠤᠨ ᠢᠶᠠᠨ ᠠᠯᠳᠠᠷ ᠢ ᠡᠷᠭᠦᠭᠰᠡᠨ ᠬᠦᠪᠡᠭᠡᠲᠤ ᠰᠢᠷ᠎ᠠ ᠬᠤᠰᠢᠭᠤᠨ ᠤ ᠤᠤᠭᠠᠯ ᠬᠠᠷᠢᠶᠠᠲᠤ᠃ ᠳ᠋ᠤᠺᠲ᠋ᠤᠷ ᠪᠠ᠊᠂ ᠪᠤᠯᠤᠳ ᠤᠳᠤ ᠶᠠᠫᠤᠨ ᠤ ᠡᠷᠡᠭᠦᠯ ᠮᠡᠨᠲᠤ ᠰᠫᠦᠷᠲ ᠤᠨ ᠶᠡᠭᠡ ᠰᠤᠷᠭᠠᠭᠤᠯᠢ ᠶᠢᠨ ᠰᠫᠦᠷᠲ ᠬᠦᠮᠦᠨ ᠵᠦᠢ ᠶᠢᠨ ᠫᠷᠤᠹᠧᠰᠰᠤᠷ᠂ ᠮᠤᠩᠭᠤᠯ ᠨᠡᠭᠦᠳᠡᠯ ᠰᠤᠶᠤᠯ᠂ ᠪᠦᠬᠡ ᠶᠢᠨ ᠤᠬᠠᠭᠠᠨ ᠤ ᠰᠤᠳᠤᠯᠤᠭᠴᠢ᠂ ᠢᠷᠠᠭᠤ ᠨᠠᠶᠢᠷᠠᠭᠴᠢ᠂ ᠤᠷᠠᠨ ᠵᠤᠬᠢᠶᠠᠯ ᠤᠨ ᠤᠷᠴᠢᠭᠤᠯᠤᠭᠴᠢ᠃ 2000 ᠤᠨ ᠳᠤ ᠶᠠᠫᠤᠨ ᠤ ᠢᠷᠭᠡᠨᠰᠢᠯ ᠠᠪᠴᠠᠢ᠃ ᠶᠠᠫᠣᠨ ᠨᠡᠷ᠎ᠡ ᠨᠢ ᠲᠤᠮᠢᠺᠠᠸᠠ ᠷᠢᠺᠢᠳᠤᠤ᠃       ᠪᠠ᠊᠂ ᠪᠤᠯᠤᠳ 1981 ᠤᠨ ᠳᠤ ᠰᠦᠨᠢᠳ ᠪᠠᠷᠠᠭᠤᠨ ᠬᠤᠰᠢᠭᠤᠨ ᠠᠴᠠ ᠴᠤᠷ ᠤᠨ ᠭᠠᠭᠴᠠ ᠶᠡᠭᠡ ᠰᠤᠷᠭᠠᠭᠤᠯᠢ ᠳᠤ ᠲᠡᠩᠴᠡᠭᠰᠡᠨ ᠮᠤᠩᠭᠤᠯ ᠤᠶᠤᠲᠠᠨ ᠢᠶᠠᠷ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠭᠠᠳᠠᠭᠠᠲᠤ ᠬᠡᠯᠡᠨ ᠤ ᠰᠠᠯᠪᠤᠷᠢ ᠳᠤ ᠶᠠᠫᠤᠨ ᠬᠡᠯᠡᠨ ᠤ ᠲᠤᠰᠬᠠᠢ ᠮᠡᠷᠭᠡᠵᠢᠯ ᠢᠶᠠᠷ ᠡᠯᠰᠡᠭᠳᠡᠵᠦ᠂ 1985 ᠤᠨ ᠳᠤ ᠰᠤᠷᠤᠯᠭ᠎ᠠ ᠪᠠᠨ ᠲᠡᠭᠦᠰᠭᠡᠪᠡ᠃ 1985 ᠤᠨ ᠠᠴᠠ 1989 ᠤᠨ ᠬᠦᠷᠲᠡᠯ᠎ᠡ ᠰᠢᠯᠢ ᠶᠢᠨ ᠭᠤᠤᠯ ᠠᠶᠢᠮᠠᠭ ᠤᠨ ᠮᠤᠩᠭᠤᠯ ᠲᠤᠮᠲᠠᠲᠤ ᠰᠤᠷᠭᠠᠭᠤᠯᠢ ᠳᠤ ᠶᠠᠫᠤᠨ ᠬᠡᠯᠡᠨ ᠤ ᠪᠠᠭᠰᠢ ᠪᠠᠷ ᠠᠵᠢᠯᠯᠠᠪᠠ᠃ ᠡᠨᠡ ᠬᠤᠭᠤᠴᠠᠭᠠᠨ ᠳᠤ ᠪᠠᠨ ᠤᠯᠤᠰ ᠤᠨ ᠵᠠᠷᠤᠳᠠᠯ ᠢᠶᠠᠷ ᠶᠠᠫᠤᠨ ᠤᠯᠤᠰ ᠤᠨ ᠸᠠᠺᠠᠶᠠᠮᠠ ᠮᠤᠵᠢ ᠶᠢᠨ ᠲᠠᠨᠠᠪᠠᠢ ᠬᠤᠲᠠ ᠶᠢᠨ ᠠᠷᠠᠯᠵᠢᠶ᠎ᠠ ᠬᠤᠳᠠᠯᠳᠤᠭᠠᠨ ᠤ ᠲᠡᠭᠡᠲᠤ ᠲᠤᠮᠲᠠᠲᠤ ᠰᠤᠷᠭᠠᠭᠤᠯᠢ ᠳᠤ ᠰᠤᠷᠤᠯᠴᠠᠵᠠᠢ᠃ ᠤᠯᠤᠰ ᠲᠤ ᠪᠠᠨ ᠪᠤᠴᠠᠭᠰᠠᠨ ᠤ ᠳᠠᠷᠠᠭ᠎ᠠ᠂ ᠲᠤᠮᠲᠠᠲᠤ ᠤᠯᠤᠰ ᠤᠨ ᠤᠯᠠᠨ ᠤᠯᠤᠰ ᠤᠨ ᠠᠶᠠᠯᠠᠯ ᠵᠢᠭᠤᠯᠴᠢᠯᠠᠯ ᠤᠨ ᠰᠢᠯᠢᠩᠬᠤᠲᠠ ᠶᠢᠨ ᠰᠠᠯᠪᠤᠷᠢ ᠺᠤᠮᠫᠠᠨᠢ ᠳᠤ ᠤᠷᠴᠢᠭᠤᠯᠤᠭᠴᠢ ᠪᠠᠷ ᠠᠵᠢᠯᠯᠠᠵᠦ ᠪᠠᠶᠢᠪᠠ᠃      1992 ᠤᠨ ᠳᠤ ᠲᠠᠬᠢᠨᠲᠠ ᠠᠷᠠᠯ ᠤᠨ ᠤᠯᠤᠰ ᠢ ᠵᠤᠷᠢᠵᠦ᠂ ᠲᠤᠤᠺᠢᠤ᠋ ᠶᠡᠭᠡ ᠰᠤᠷᠭᠠᠭᠤᠯᠢ ᠵᠡᠷᠭᠡ ᠶᠡᠭᠡ ᠰᠤᠷᠭᠠᠭᠤᠯᠢ ᠨᠤᠭᠤᠳ ᠢᠶᠠᠷ ᠡᠷᠳᠡᠮ ᠮᠡᠷᠭᠡᠵᠢᠯ ᠢᠶᠠᠨ ᠲᠡᠭᠡᠭᠰᠢᠯᠡᠭᠦᠯᠵᠦ᠂ 1994 ᠤᠨ ᠠᠴᠠ 1996 ᠤᠨ ᠳᠤ ᠴᠢᠪᠠ ᠶᠡᠭᠡ ᠰᠤᠷᠭᠠᠭᠤᠯᠢ ᠶᠢᠨ ᠤᠷᠠᠨ ᠵᠤᠬᠢᠶᠠᠯ ᠰᠤᠳᠤᠯᠬᠤ ᠬᠦᠷᠢᠶᠡᠯᠡᠩ ᠠᠴᠠ ᠬᠦᠮᠦᠨ ᠰᠤᠶᠤᠯ ᠤᠨ ᠮᠡᠷᠭᠡᠵᠢᠯ ᠢᠶᠠᠷ ᠮᠠᠰᠲ᠋ᠧᠷ ᠴᠤᠯᠠ ᠬᠠᠮᠠᠭᠠᠯᠠᠵᠦ᠂ 2002 ᠤᠨ ᠤ 9 ᠰᠠᠷ᠎ᠠ ᠳᠤ ᠴᠢᠪᠠ ᠶᠡᠭᠡ ᠰᠤᠷᠭᠠᠭᠤᠯᠢ ᠶᠢᠨ ᠰᠤᠶᠤᠯ ᠨᠡᠶᠢᠭᠡᠮ ᠰᠢᠨᠵᠢᠯᠡᠬᠦ ᠤᠬᠠᠭᠠᠨ ᠤ ᠰᠤᠳᠤᠯᠬᠤ ᠬᠦᠷᠢᠶᠡᠯᠡᠩ ᠠᠴᠠ ︽ᠮᠤᠩᠭᠤᠯ ᠪᠦᠬᠡ ᠶᠢᠨ ᠤᠯᠠᠮᠵᠢᠯᠠᠯ ᠪᠤᠯᠤᠨ ᠲᠡᠭᠦᠨ ᠤ ᠰᠢᠨᠡᠴᠢᠯᠡᠯᠲᠡ ᠶᠢᠨ ᠲᠤᠬᠠᠢ ᠰᠤᠶᠤᠯ ᠬᠦᠮᠦᠨ ᠵᠦᠢ ᠶᠢᠨ ᠰᠤᠳᠤᠯᠤᠯ︾ ᠭᠡᠰᠡᠨ ᠰᠡᠳᠦᠪ ᠢᠶᠠᠷ ᠡᠷᠳᠡᠮ ᠰᠢᠨᠵᠢᠯᠡᠭᠡᠨ ᠤ ᠳ᠋ᠤᠺᠲ᠋ᠤᠷ ᠴᠤᠯᠠ ᠬᠠᠮᠠᠭᠠᠯᠠᠵᠦ᠂ ᠲᠡᠯᠡᠭᠡᠢ ᠶᠢᠨ ᠪᠦᠬᠡ ᠶᠢᠨ ᠤᠬᠠᠭᠠᠨ ᠤ ᠤᠤᠭᠠᠨ ᠳ᠋ᠤᠺᠲ᠋ᠤᠷ ᠪᠤᠯᠵᠠᠢ᠃ ᠲᠡᠷᠡ ︽ᠮᠤᠩᠭᠤᠯ ᠪᠦᠬᠡ ᠶᠢᠨ ᠪᠡᠯᠭᠡᠳᠡᠯ ᠵᠦᠢ︾᠂ ︽ᠮᠤᠩᠭᠤᠯ ᠪᠦᠬᠡ ᠶᠢᠨ ᠠᠮᠢᠯᠠᠬᠤ ᠶᠤᠰᠤᠨ︾  ᠵᠡᠷᠭᠡ 60 ᠭᠠᠷᠤᠢ ᠡᠷᠳᠡᠮ ᠰᠢᠨᠵᠢᠯᠡᠭᠡᠨ ᠤ ᠦᠭᠦᠯᠡᠯ ᠰᠢᠭᠦᠮᠵᠢ ᠪᠠᠨ ᠤᠯᠤᠰ ᠤᠨ ᠭᠠᠳᠠᠭᠠᠲᠤ ᠲᠤᠲᠤᠭᠠᠲᠤ ᠶᠢᠨ ᠡᠷᠳᠡᠮ ᠰᠢᠨᠵᠢᠯᠡᠭᠡᠨ ᠤ ᠰᠡᠳᠭᠦᠯ ᠳᠤ ᠨᠡᠶᠢᠲᠡᠯᠡᠭᠦᠯᠦᠭᠰᠡᠨ ᠪᠦᠭᠡᠳ ᠪᠤᠰᠤᠳ ᠲᠠᠢ ᠬᠠᠮᠲᠤᠷᠠᠨ ᠪᠢᠴᠢᠭᠰᠡᠨ 5 ᠨᠤᠮ ᠎ ᠲᠠᠢ᠂ ︽ᠬᠠᠮᠠᠷ︾ ᠭᠡᠬᠦ ᠮᠡᠲᠤ ᠶᠢᠨ ᠶᠠᠫᠤᠨ ᠬᠡᠯᠡ ᠪᠠᠷ ᠵᠤᠬᠢᠶᠠᠨ ᠪᠦᠲᠦᠭᠡᠭᠰᠡᠨ 3 ᠤᠷᠴᠢᠭᠤᠯᠭ᠎ᠠ ᠶᠢᠨ ᠲᠡᠭᠦᠪᠦᠷᠢ᠂ ︽ᠬᠠᠶᠢᠷ᠎ᠠ ᠶᠢᠨ ᠦᠴᠢᠯ︾᠂ ︽ᠪᠠ᠊᠂ ᠪᠤᠯᠤᠳ ᠤᠨ ᠪᠦᠬᠡ ᠶᠢᠨ ᠢᠷᠠᠭᠤ ᠨᠠᠶᠢᠷᠠᠭ︾  ᠵᠡᠷᠭᠡ 3 ᠢᠷᠠᠭᠤ ᠨᠠᠶᠢᠷᠠᠭ ᠤᠨ ᠲᠡᠭᠦᠪᠦᠷᠢ ᠲᠠᠢ᠃      ᠰᠡᠭᠦᠯ ᠤᠨ ᠵᠢᠯ ᠤᠳ ᠲᠤ᠂ ᠲᠡᠷᠡ ᠪᠠᠷ ᠢᠷᠡᠭᠤ ᠨᠠᠶᠢᠷᠠᠭ ᠤᠨ ᠬᠠᠷᠭᠤᠢ ᠳᠤ ᠬᠡᠶᠢᠮᠤᠷᠢ ᠲᠠᠢ ᠭᠢᠯᠠᠷᠠᠭᠤᠯᠵᠦ ᠶᠠᠪᠤᠭ᠎ᠠ ᠪᠦᠭᠡᠳ ᠮᠤᠩᠭᠤᠯ ᠤᠷᠠᠨ ᠵᠤᠬᠢᠶᠠᠯ ᠤᠨ ᠲᠠᠪᠴᠠᠩ ᠳᠤ ᠰᠢᠨ᠎ᠡ ᠤᠷᠤᠨ ᠵᠠᠢ ᠪᠠᠨ ᠤᠯᠵᠦ ᠪᠠᠶᠢᠭ᠎ᠠ ᠮᠤᠩᠭᠤᠯ ᠬᠠᠶᠢᠺᠤ ᠶᠢᠨ ᠬᠦᠭᠵᠢᠯ ᠤᠨ ᠲᠦᠯᠦᠭᠡ ᠲᠡᠮᠡᠤᠯᠵᠦ᠂ 2018 ᠤᠨ ᠳᠤ ᠨᠠᠴᠤᠶᠢᠰᠢ ᠪᠠᠩᠶᠠ ︵ᠲᠡᠯᠡᠬᠡᠢ ᠶᠢᠨ ᠠᠯᠳᠠᠷᠲᠤ ᠬᠠᠶᠢᠺᠤ ᠰᠢᠯᠦᠭᠴᠢᠨ︶ ᠱᠠᠩᠨᠠᠯᠲᠤ ᠬᠠᠶᠢᠺᠤ ᠶᠢᠨ ᠤᠷᠤᠯᠳᠤᠭᠠᠨ ᠢ ᠵᠤᠬᠢᠶᠠᠨ ᠪᠠᠶᠢᠭᠤᠯᠤᠭᠰᠠᠨ ᠪᠠᠶᠢᠨ᠎ᠠ᠃        ᠪᠠ᠊᠂ ᠪᠤᠯᠤᠳ ᠪᠤᠯ ᠵᠦᠪᠬᠡᠨ ᠡᠷᠳᠡᠮ ᠰᠢᠨᠵᠢᠯᠡᠬᠡᠨ ᠤ ᠰᠤᠳᠤᠯᠤᠯ ᠲᠡᠳᠦᠢ ᠦᠭᠡᠢ᠂ ᠦᠪᠡᠷ ᠤᠨ ᠪᠡᠶ᠎ᠡ ᠎ ᠪᠠᠷ ᠢᠶᠠᠨ ᠦᠢᠯᠡᠳᠦᠯᠭᠡ ᠬᠢᠵᠦ ᠢᠳᠡᠪᠬᠢᠲᠡᠢ ᠰᠠᠨᠠᠭᠠᠴᠢᠯᠠᠨ ᠪᠤᠲᠠᠲᠤ ᠠᠰᠠᠭᠤᠳᠠᠯ ᠳᠤ ᠴᠢᠭᠯᠡᠭᠦᠯᠦᠨ ᠦᠵᠡᠯ ᠪᠤᠳᠤᠯ ᠢᠶᠠᠨ ᠵᠤᠷᠢᠭᠲᠠᠢ ᠢᠯᠡᠷᠭᠡᠶᠢᠯᠡᠵᠦ᠂ ᠤᠨᠤᠯ ᠦᠢᠯᠡᠳᠦᠯᠭᠡ ᠪᠠᠷ ᠠᠮᠵᠢᠯᠲᠠ ᠳᠤ ᠬᠦᠷᠦᠭᠰᠡᠨ ᠡᠷᠳᠡᠮ ᠰᠢᠨᠵᠢᠯᠡᠭᠡᠨ ᠤ ᠳ᠋ᠤᠲ᠋ᠤᠷ ᠪᠤᠯᠤᠨ᠎ᠠ᠃
 
ᠢᠷᠡᠯᠲᠡ᠄ ᠳ᠋ᠣᠺᠲ᠋ᠣᠷ ᠤᠨ ᠥᠯᠦᠭᠡᠢ ᠬᠦᠪᠡᠭᠡᠲᠦ ᠰᠢᠷ᠎ᠠ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号