ᠮᠤᠩᠭᠤᠯ  ︿ᠳ᠋ᠠᠨᠵᠤᠤᠷ﹀
ᠨᠡᠶᠢᠲᠡᠯᠡᠭᠰᠡᠨ ᠴᠠᠭ᠄
2020/5/18
       1791 ᠣᠨ ᠳᠤ ᠲᠡᠭᠷᠢ ᠲᠡᠳᠬᠦᠭᠴᠢ ᠬᠠᠭᠠᠨ ᠬᠠᠶᠠᠩᠬᠢᠷᠸ᠎ᠠ ᠰᠦᠮ᠎ᠡ ᠳᠤ ᠮᠤᠩᠭᠤᠯ ︽ᠳ᠋ᠠᠨᠵᠤᠤᠷ︾ ᠬᠡᠮᠡᠬᠦ ᠠᠪᠤᠷᠭᠤ ᠰᠤᠳᠤᠷ ᠢ ᠱᠠᠩᠨᠠᠨ ᠦᠭᠬᠦᠭᠰᠡᠨ ᠠᠴᠠ ᠡᠳᠦᠭᠡ ᠬᠦᠷᠳᠡᠯ᠎ᠡ ᠬᠤᠶᠠᠷ ᠵᠠᠭᠤ ᠭᠠᠷᠤᠢ ᠵᠢᠯ ᠤᠨ ᠲᠡᠦᠬᠡ ᠎ ᠲᠠᠢ ᠪᠤᠯᠪᠠ᠃        ᠮᠤᠩᠭᠤᠯ ︽ᠳ᠋ᠠᠨᠵᠤᠤᠷ︾ ᠰᠤᠳᠤᠷ ᠪᠤᠯ ᠪᠤᠷᠬᠠᠨ ᠱᠠᠰᠢᠨ ᠤ ᠳᠡᠯᠡᠭᠡᠢ ᠳᠤ ᠠᠯᠳᠠᠷᠲᠠᠢ ᠶᠡᠭᠡ ᠬᠦᠯᠭᠡᠨ ᠰᠤᠳᠤᠷ ᠪᠤᠯᠤᠨ᠎ᠠ᠃ ᠲᠡᠷᠡ ᠨᠢ ᠮᠠᠨ ᠤ ᠤᠯᠤᠰ ᠤᠨ ᠮᠤᠩᠭᠤᠯ᠂ ᠲᠦᠪᠡᠳ᠂ ᠮᠠᠨᠵᠤ᠂ ᠬᠢᠳᠠᠳ ᠵᠡᠷᠭᠡ ᠣᠯᠠᠨ ᠦᠨᠳᠦᠰᠦᠳᠡᠨ ᠤ ᠰᠤᠶᠤᠯ ᠤᠨ ᠰᠤᠯᠢᠯᠴᠠᠭᠠᠨ ᠤ ᠠᠪᠤᠷᠭᠤ ᠪᠦᠳᠦᠭᠡᠯ ᠪᠤᠯᠬᠤ ᠪᠠᠷ ᠦᠯᠦ ᠪᠠᠷᠠᠨ᠂ ᠮᠤᠩᠭᠤᠯᠴᠤᠳ ᠎ ᠤᠨ ᠳᠤᠮᠳᠠ ᠪᠤᠷᠬᠠᠨ ᠱᠠᠰᠢᠨ ᠤ ᠬᠦᠭᠵᠢᠯᠲᠡ ᠶᠢᠨ ᠲᠦᠪᠯᠡᠷᠡᠭᠰᠡᠨ ᠢᠯᠡᠷᠡᠯ ᠪᠠᠶᠢᠵᠤ᠂ ᠮᠤᠩᠭᠤᠯ ᠰᠤᠶᠤᠯ ᠤᠨ ᠲᠡᠦᠬᠡᠨ ᠳᠠᠬᠢ ᠣᠷᠴᠢᠭᠤᠯᠭ᠎ᠠ ᠶᠢᠨ ᠠᠪᠤᠷᠭᠤ᠂ ᠪᠠᠷᠯᠠᠯ ᠬᠡᠪᠯᠡᠯ ᠤᠨ ᠠᠪᠤᠷᠭᠤ ᠪᠤᠯᠵᠤ᠂ ᠤᠯᠤᠰ ᠤᠨ ᠲᠤᠳᠤᠭᠠᠳᠤ ᠭᠠᠳᠠᠭᠠᠳᠤ ᠳᠤ ᠲᠤᠩ ᠬᠤᠪᠤᠷ ᠪᠠᠶᠢᠳᠠᠭ ᠦᠨᠡᠲᠦ ᠡᠳ᠋ ᠪᠠᠶᠢᠵᠤ᠂ ᠬᠦᠮᠦᠨ ᠲᠦᠷᠦᠯᠬᠢᠳᠡᠨ ᠤ ᠰᠤᠶᠤᠯ ᠤᠨ ᠥᠪ ᠎ ᠳᠠᠬᠢ ᠬᠤᠪᠤᠷ ᠡᠷᠳᠡᠨᠢ ᠪᠤᠯᠬᠤ ᠶᠤᠮ᠃ ︽ᠳ᠋ᠠᠨᠵᠤᠤᠷ︾᠎ ᠳᠤ ᠪᠤᠷᠬᠠᠨ ᠱᠠᠰᠢᠨ᠂ ᠬᠠᠤᠯᠢ ᠳᠦᠷᠢᠮ᠂ ᠶᠤᠰᠤ ᠰᠤᠷᠳᠠᠬᠤᠨ ᠤ ᠵᠦᠢᠯ ᠠᠭᠤᠯᠤᠭᠳᠠᠵᠤ ᠪᠠᠶᠢᠬᠤ ᠠᠴᠠ ᠭᠠᠳᠠᠨ᠎ᠠ ᠬᠦᠨ ᠤᠬᠠᠭᠠᠨ᠂ ᠯᠤᠬᠢᠭ ᠵᠦᠢ᠂ ᠬᠡᠯᠡ ᠵᠦᠢ᠂ ᠰᠢᠯᠦᠭ ᠲᠠᠭᠤᠯᠠᠯ᠂ ᠤᠷᠠᠨ ᠵᠢᠷᠤᠭ᠂ ᠲᠡᠭᠷᠢ ᠶᠢᠨ ᠵᠦᠢ᠂ ᠴᠠᠭ ᠤᠯᠠᠷᠢᠯ᠂ ᠡᠮ ᠡᠮᠨᠡᠯᠭᠡ᠂ ᠭᠠᠷ ᠤᠷᠠᠯᠠᠯ ᠵᠡᠷᠭᠡ ᠤᠯᠠᠨ ᠠᠷᠪᠢᠨ ᠬᠦᠷᠢᠶ᠎ᠡ ᠬᠡᠪᠴᠢᠶ᠎ᠡ ᠶᠢ ᠪᠠᠭᠳᠠᠭᠠᠵᠤ ᠪᠠᠶᠢᠳᠠᠭ᠃        1791 ᠣᠨ ᠳᠤ᠂ ᠮᠠᠨᠵᠤ ᠶᠢᠨ ᠲᠡᠭᠷᠢ ᠲᠡᠳᠬᠦᠭᠴᠢ ᠬᠠᠭᠠᠨ ᠠᠴᠠ ᠮᠤᠩᠭᠤᠯ ᠤᠨ ᠶᠡᠭᠡ ᠬᠦᠯᠭᠡᠨ ᠰᠤᠳᠤᠷ — ︽ᠳ᠋ᠠᠨᠵᠤᠤᠷ︾ ᠪᠤᠯᠤᠨ ᠲᠡᠷᠢᠬᠦᠨ ᠯᠠᠮᠠ ᠶᠢᠨ ᠲᠠᠮᠠᠭ᠎ᠠ ᠬᠤᠶᠠᠷ ᠢ ᠬᠦᠪᠡᠭᠡᠲᠦ ᠰᠢᠷ᠎ᠠ ᠬᠤᠰᠢᠭᠤᠨ ᠤ ᠬᠠᠶᠠᠩᠬᠢᠷᠸ᠎ᠠ ᠰᠦᠮ᠎ᠡ ᠶᠢᠨ ᠬᠤᠶᠠᠳᠤᠭᠠᠷ ᠲᠦᠷᠢ ᠶᠢᠨ ᠬᠡᠬᠡᠨ ᠰᠡᠴᠡᠨ ᠴᠤᠷᠵᠢ ᠳᠤᠷ ᠱᠠᠩᠨᠠᠭᠰᠠᠨ ᠪᠢᠯᠡ᠃ ᠲᠤᠬᠠᠢ ᠎ ᠶᠢᠨ ᠦᠶ᠎ᠡ ᠳᠤ ᠰᠦᠮ᠎ᠡ ᠶᠢᠨ ᠬᠠᠮᠢᠶᠠᠷᠤᠯᠲᠠ ᠰᠠᠶᠢᠨ ᠪᠠᠶᠢᠭᠰᠠᠨ ᠲᠤᠯᠠ ᠮᠤᠩᠭᠤᠯ ︽ᠳ᠋ᠠᠨᠵᠤᠤᠷ︾᠎ ᠢ ᠮᠠᠰᠢ ᠰᠠᠶᠢᠨ ᠪᠦᠷᠢᠨ ᠪᠦᠳᠦᠨ ᠬᠠᠳᠠᠭᠠᠯᠠᠭᠰᠠᠭᠠᠷ ᠢᠷᠡᠭᠰᠡᠨ ᠶᠤᠮ᠃ ᠡᠳᠦᠬᠡ ᠲᠡᠯᠡᠭᠡᠢ ᠲᠡᠭᠡᠷ᠎ᠡ ᠮᠤᠩᠭᠤᠯ ︽ᠳ᠋ᠠᠨᠵᠤᠤᠷ︾᠎ ᠨᠢ ᠲᠤᠮᠳᠠᠳᠤ ᠤᠯᠤᠰ ᠲᠤ ᠬᠤᠶᠠᠷ ᠢᠵᠢ᠂ ᠮᠤᠩᠭᠤᠯ ᠤᠯᠤᠰ ᠲᠤ ᠨᠢᠭᠡ ᠢᠵᠢ ᠨᠡᠶᠢᠲᠡ ᠭᠤᠷᠪᠠᠭ᠋ᠠᠨ ᠢᠵᠢ ᠬᠠᠳᠠᠭᠠᠯᠠᠭᠳᠠᠵᠤ ᠪᠤᠢ᠃ ᠡᠬᠦᠨ ᠤ ᠲᠤᠳᠤᠷ᠎ᠠ ᠬᠠᠶᠠᠩᠬᠢᠷᠸ᠎ᠠ ᠰᠦᠮ᠎ᠡ ᠳᠤ ᠬᠠᠳᠠᠭᠠᠯᠠᠭᠳᠠᠵᠤ ᠪᠠᠶᠢᠭᠰᠠᠨ ︽ᠳ᠋ᠠᠨᠵᠤᠤᠷ ︾᠎ ᠨᠢ ᠴᠠᠭᠠᠰᠤ ᠨᠢ ᠨᠠᠷᠢᠯᠢᠭ᠂ ᠦᠰᠦᠭ ᠨᠢ ᠲᠤᠳᠤ᠂ ᠵᠢᠷᠤᠭ ᠤᠷᠠᠯᠠᠯ ᠨᠢ ᠭᠤᠶᠤᠮᠰᠤᠭ᠂ ᠪᠦᠷᠢᠨ ᠪᠦᠳᠦᠨ ᠬᠠᠳᠠᠭᠠᠯᠠᠭᠳᠠᠵᠤ ᠢᠷᠡᠭᠰᠡᠨ ᠢᠶᠠᠷ ᠢᠶᠠᠨ ᠬᠠᠮᠤᠭ ᠤᠨ ᠰᠠᠶᠢᠨ ᠨᠢᠭᠡᠨ ᠢᠵᠢ ᠶᠤᠮ᠃ ᠲᠤᠰ ᠪᠡᠭᠡᠵᠢᠩ ᠮᠤᠳᠤᠨ ᠪᠠᠷ ᠎ ᠤᠨ ᠮᠤᠩᠭᠤᠯ ︽ᠳ᠋ᠠᠨᠵᠤᠤᠷ︾᠎ ᠤᠨ ᠵᠢᠷᠤᠭ ᠤᠷᠠᠯᠠᠯ ᠨᠢ ᠮᠠᠰᠢ ᠭᠤᠶᠤ ᠬᠡᠬᠡᠨᠴᠢᠷ ᠪᠠᠶᠢᠵᠤ᠂ ᠪᠤᠳᠢ ᠪᠦᠷᠢ ᠶᠢᠨ ᠬᠠᠪᠳᠠᠰᠤ ᠮᠤᠳᠤᠨ ᠤ ᠳᠤᠳᠤᠷ᠎ᠠ ᠲᠠᠯ᠎ᠠ ᠪᠠ ᠪᠤᠳᠢ ᠶᠢᠨ ᠡᠬᠢᠨ ᠳᠤ ᠪᠦᠷ ᠦᠩᠭᠡ ᠮᠢᠷᠠᠯᠵᠠᠭᠰᠠᠨ ᠵᠢᠷᠤᠮᠠᠯ ᠪᠤᠷᠬᠠᠨ ᠎ ᠤ ᠬᠦᠷᠦᠭ ᠤᠳ ᠪᠠᠶᠢᠵᠤ᠂ ᠨᠠᠶᠢᠲᠡ1120 ᠬᠤᠪᠢ ᠪᠤᠷᠬᠠᠨ ᠤ ᠦᠩᠭᠡᠲᠦ ᠵᠢᠷᠤᠮᠠᠯ ᠬᠦᠷᠦᠭ ᠲᠠᠢ ᠶᠤᠮ᠃ ᠡᠳᠡᠭᠡᠷ ᠦᠩᠭᠡᠲᠦ ᠪᠤᠷᠬᠠᠨ ᠤ ᠬᠦᠷᠦᠭ ᠵᠢᠷᠤᠭ ᠢ ᠠᠯᠲᠠ᠂ ᠮᠦᠩᠬᠦ᠂ ᠱᠢᠷᠦ᠂ ᠰᠤᠪᠤᠳ᠂ ᠤᠭ᠍ᠶᠤ᠂ ᠨᠤᠮᠢᠨ᠂ ᠯᠠᠪᠠᠢ᠂ ᠵᠡᠰ᠂ ᠭᠠᠩ ᠵᠡᠷᠭᠡ ᠡᠷᠳᠡᠨᠢᠰ ᠢ ᠨᠠᠶᠢᠷᠠᠭᠤᠯᠵᠤ ᠵᠢᠷᠤᠵᠤ ᠪᠦᠳᠦᠭᠡᠭᠰᠡᠨ ᠶᠤᠮ᠃ ᠡᠳᠡᠭᠡᠷ ᠬᠦᠷᠦᠭ ᠵᠢᠷᠤᠭ ᠢ ᠪᠤᠷᠬᠠᠨ ᠪᠦᠷᠢ ᠶᠢᠨ ᠬᠡᠪ ᠨᠠᠮᠪᠠ ᠪᠠ ᠬᠦᠷᠦᠭ ᠵᠢᠷᠤᠭ ᠢ ᠪᠦᠳᠦᠭᠡᠨ ᠵᠢᠷᠤᠬᠤ ᠤᠨᠤᠯ ᠤᠨ ᠵᠤᠬᠢᠶᠠᠯ ︽ᠪᠡᠶ᠎ᠡ ᠰᠡᠳᠬᠢᠯ ᠤᠨ ᠬᠤᠪᠢ ᠬᠡᠮᠵᠢᠶᠡᠨ ᠤᠷᠤᠰᠢᠪᠠ︾᠂ ︽ᠲᠤᠭᠤᠯᠤᠭᠰᠠᠨ ᠪᠤᠷᠬᠠᠨ ᠤ ᠨᠤᠮᠯᠠᠭᠰᠠᠨ ᠪᠡᠶ᠎ᠡ ᠲᠦᠷᠰᠦ ᠶᠢᠨ ᠬᠡᠮᠵᠢᠶᠡᠨ ᠤ ᠲᠠᠶᠢᠯᠪᠦᠷᠢ ᠬᠡᠮᠡᠬᠦ︾᠂ ︽ᠵᠢᠷᠤᠭ ᠤᠨ ᠪᠡᠯᠭᠡ ᠴᠢᠨᠠᠷ ᠤᠷᠤᠰᠢᠪᠠ︾᠂ ︽ᠪᠡᠶ᠎ᠡ ᠶᠢᠨ ᠲᠦᠷᠰᠦ ᠬᠦᠷᠦᠭ ᠬᠡᠮᠵᠢᠶᠡᠨ ᠤ ᠪᠡᠯᠭᠡ ᠴᠢᠨᠠᠷ ᠬᠡᠮᠡᠭᠳᠡᠬᠦ︾ ᠵᠡᠷᠭᠡ ᠳᠤ ᠲᠤᠭᠳᠠᠭᠤᠨ ᠨᠤᠮᠯᠠᠭᠰᠠᠨ ᠶᠤᠰᠤ ᠪᠠᠷ ᠭᠤᠶᠤ ᠰᠠᠶᠢᠬᠠᠨ ᠤᠷᠠᠯᠢᠭ ᠤᠨ ᠬᠡᠪ ᠨᠠᠮᠪᠠ ᠲᠠᠢ ᠵᠢᠷᠤᠵᠤ ᠪᠦᠳᠦᠭᠡᠪᠡ᠃ ᠪᠠᠰᠠ ᠪᠤᠳᠢ ᠪᠦᠷᠢ ᠶᠢᠨ ᠭᠠᠳᠠᠷ ᠲᠠᠯ᠎ᠠ ᠳᠤ ᠨᠠᠢᠮᠠᠨ ᠲᠠᠬᠢᠯ ᠤᠨ ᠵᠢᠷᠤᠭ ᠲᠠᠢ ᠪᠠᠶᠢᠳᠠᠭ᠃ ᠪᠤᠳᠢ ᠶᠢᠨ ᠦᠰᠦᠭ ᠤᠨ ᠰᠡᠶᠢᠯᠪᠦᠷᠢ ᠨᠢ ᠴᠤ ᠲᠡᠷᠢ ᠲᠡᠭᠰᠢ᠂ ᠭᠤᠶᠤ ᠦᠵᠡᠮᠦᠷᠢ ᠲᠠᠢ ᠪᠠᠶᠢᠳᠠᠭ᠃ ᠡᠳᠡᠭᠡᠷ ᠨᠢ ᠲᠤᠬᠠᠢ ᠶᠢᠨ ᠦᠶ᠎ᠡ ᠶᠢᠨ ᠤᠷᠠᠨ ᠵᠢᠷᠤᠭ᠂ ᠰᠢᠷ ᠪᠤᠳᠤᠭ᠂ ᠪᠠᠷ ᠬᠡᠪᠯᠡᠯ ᠎ ᠤᠨ ᠤᠷ᠎ᠠ ᠮᠡᠷᠭᠡᠵᠢᠯ ᠢ ᠰᠤᠳᠤᠯᠬᠤ ᠳᠤ ᠴᠢᠬᠤᠯᠠ ᠯᠠᠪᠯᠠᠯᠲᠠ ᠪᠤᠯᠪᠠ᠃          ᠡᠳᠦᠭᠡ ᠡᠨᠡ ᠰᠤᠳᠤᠷ ᠢ ᠥᠪᠦᠷ ᠮᠤᠩᠭᠤᠯ ‍ᠤᠨ‌ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠤᠮ ᠤᠨ ᠰᠠᠩ ᠳᠤ ᠬᠠᠳᠠᠭᠠᠯᠠᠵᠤ ᠪᠤᠢ᠃ 2007 ᠣᠨ ᠳᠤ᠂ ᠬᠦᠪᠡᠭᠡᠲᠦ ᠰᠢᠷ᠎ᠠ ᠬᠤᠰᠢᠭᠤ ᠨᠢ ︽ᠮᠤᠩᠭᠤᠯ ︿ᠳ᠋ᠠᠨᠵᠤᠤᠷ﹀᠎ ᠢ ᠥᠪᠯᠡᠭᠰᠡᠨ ᠲᠠᠭᠰᠢᠨ ᠤᠷᠤᠨ︾᠎ ᠢᠶᠠᠷ ᠵᠦᠪᠰᠢᠶᠡᠷᠡᠨ ᠨᠡᠷᠡᠶᠢᠳᠦᠭᠳᠡᠪᠡ᠃ ᠬᠠᠶᠠᠩᠬᠢᠷᠸ᠎ᠠ ᠰᠦᠮ᠎ᠡ ᠨᠢ ᠮᠤᠩᠭᠤᠯ ︽ᠳ᠋ᠠᠨᠵᠤᠤᠷ︾᠎ ᠢ ᠥᠪᠯᠡᠭᠰᠡᠨ ᠠᠩᠬᠠᠨ ᠤ ᠰᠦᠮ᠎ᠡ ᠪᠤᠯᠪᠠ᠃ ᠬᠦᠪᠡᠭᠡᠲᠦ ᠰᠢᠷ᠎ᠠ ᠬᠤᠰᠢᠭᠤ ᠨᠢ ᠲᠤᠰ ᠦᠨᠡᠳᠦ ᠲᠡᠦᠬᠡᠨ ᠰᠤᠳᠤᠷ ᠢ ᠦᠨᠢᠲᠡ ᠲᠤᠷᠠᠰᠬᠠᠬᠤ ᠶᠢᠨ ᠲᠤᠯᠠᠳᠠ 2007 ᠣᠨ ᠳᠤ ᠬᠠᠶᠠᠩᠬᠢᠷᠸ᠎ᠠ ᠰᠦᠮ᠎ᠡ ᠶᠢᠨ ᠵᠡᠬᠦᠨ ᠬᠤᠶᠢᠲᠤ ᠠᠭᠤᠯᠠ ᠶᠢᠨ ᠤᠷᠤᠢ ᠲᠡᠭᠡᠷ᠎ᠡ ︽ᠳ᠋ᠠᠨᠵᠤᠤᠷ︾᠎ ᠤᠨ ᠲᠤᠷᠠᠰᠬᠠᠯ ᠤᠨ ᠬᠦᠰᠢᠶ᠎ᠡ ᠪᠤᠰᠬᠠᠭᠰᠠᠨ ᠶᠤᠮ ᠃ ᠡᠨᠡ ᠬᠦᠰᠢᠶ᠎ᠡ ᠨᠢ ᠰᠦᠮ᠎ᠡ ᠶᠢᠨ ᠠᠷᠤ ᠳᠤ ᠰᠦᠨᠳᠡᠷᠯᠡᠬᠦ ᠪᠧᠲ᠋ᠧ ᠤᠪᠤᠭᠠᠨ ᠤ ᠵᠡᠬᠦᠨ ᠡᠮᠦᠨ᠎ᠡ ᠲᠠᠯ᠎ᠠ ᠳᠤ ᠪᠠᠶᠢᠷᠢᠰᠢᠵᠦ ᠪᠠᠶᠢᠳᠠᠭ᠃ ᠨᠤᠲᠤᠭ ᠤᠨ ᠬᠦᠮᠦᠰ ︽ᠳ᠋ᠠᠨᠵᠤᠤᠷ ᠤᠪᠤᠭ᠎ᠠ︾ ᠬᠡᠮᠡᠨ ᠬᠦᠨᠳᠦᠳᠬᠡᠨ ᠲᠠᠭᠤᠳᠠᠳᠠᠭ᠃
 
ᠢᠷᠡᠯᠲᠡ᠄ ᠬᠦᠪᠡᠭᠡᠲᠦ ᠰᠢᠷ᠎ᠠ ᠬᠣᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号