ᠬᠦᠳᠡᠯᠮᠤᠷᠢ ᠠᠴᠠ ᠤᠨᠳᠤᠷᠠᠭᠰᠠᠨ ᠪᠠᠶᠠᠰᠤᠯ
ᠨᠡᠶᠢᠲᠡᠯᠡᠭᠰᠡᠨ ᠴᠠᠭ᠄
2021/11/11
     ᠴᠦᠬᠡᠨ ᠮᠠᠯ ᠠᠴᠠ ᠦᠨᠳᠤᠷ ᠦᠷ᠎ᠡ ᠠᠰᠢᠭ ᠤᠯᠵᠦ᠂ ᠪᠡᠯᠴᠢᠬᠡᠷ ᠤᠨ ᠳᠠᠯᠠᠪᠠᠢ ᠳᠤ ᠪᠠᠨ ᠵᠤᠬᠢᠴᠠᠭᠤᠯᠤᠨ ᠡᠬᠦᠯᠳᠡᠷ  ᠤᠨ ᠮᠠᠯ ᠮᠠᠯᠵᠢᠬᠤ ᠨᠢ ᠮᠠᠯᠴᠢᠳ ᠤᠨ ᠤᠶᠢᠷ᠎ᠠ ᠶᠢᠨ ᠵᠢᠯ ᠤᠨ ᠮᠠᠯᠵᠢᠬᠤ ᠦᠢᠯᠡᠳᠪᠤᠷᠢᠯᠡᠯ ᠳᠤ ᠪᠠᠨ ᠠᠪᠤᠭᠰᠠᠨ ᠭᠤᠤᠯ ᠠᠷᠭ᠎ᠠ ᠠᠪᠴᠠᠯ ᠪᠤᠯᠵᠠᠢ᠃ ᠪᠠᠶᠠᠨᠳᠠᠯ᠎ᠠ ᠪᠠᠯᠭᠠᠰᠤᠨ ᠤ ᠰᠡᠬᠦᠵᠢ ᠶᠢᠨ ᠭᠤᠤᠯ ᠭᠠᠴᠠᠭᠠᠨ ᠤ ᠮᠠᠯᠴᠢᠨ ᠰᠤᠶᠤᠯᠳᠤ᠂ ᠬᠡᠷᠡᠯ᠎ᠡ  ᠶᠢᠨ ᠬᠢᠨ ᠦᠪᠡᠷ ᠤᠨ ᠪᠡᠯᠴᠢᠬᠡᠷ ᠳᠡᠬᠡᠷ᠎ᠡ ᠪᠠᠨ ᠬᠦᠮᠦᠨ ᠤ ᠬᠢ ᠶᠢ ᠳᠦᠷᠢᠶᠡᠰᠦᠯᠡᠭᠰᠡᠨ ᠲᠠᠢ ᠪᠠᠨ ᠨᠡᠶᠢᠳᠡ 4000 ᠮᠤ᠋ ᠰᠢᠬᠠᠮ ᠳᠠᠯᠠᠪᠠᠢ ᠪᠡᠯᠴᠢᠬᠡᠷ ᠲᠤ ᠪᠠᠨ ᠴᠠᠬᠠᠷ ᠬᠤᠨᠢ ᠮᠠᠯᠵᠢᠭᠠᠳ ᠮᠠᠯᠵᠢᠯ ᠤᠨ ᠦᠷ᠎ᠡ ᠠᠰᠢᠭ ᠢᠶᠠᠷ ᠦᠨᠳᠤᠷ ᠪᠠᠶᠢᠵᠦ᠂ ᠮᠠᠯᠵᠢᠬᠤ ᠦᠢᠯᠡᠳᠪᠤᠷᠢᠯᠡᠯ ᠳᠤ ᠪᠠᠨ ᠬᠢᠯᠠᠷᠠᠭᠤᠯᠵᠦ ᠶᠠᠪᠤᠨ᠎ᠠ᠃      ᠬᠦᠮᠦᠨ ᠤ ᠨᠠᠨᠳᠢᠨ ᠴᠢᠨᠠᠷ ᠨᠢ ᠬᠦᠳᠡᠯᠮᠤᠷᠢᠯᠡᠬᠦ ᠳᠤ ᠪᠠᠨ ᠪᠠᠶᠢᠳᠠᠭ᠃  ᠰᠠᠷᠠᠭᠤᠯ ᠰᠠᠶᠢᠬᠠᠨ ᠬᠦᠳᠡᠭᠡ ᠨᠤᠲᠤᠭ ᠲᠤ  ᠪᠠᠨ ᠮᠠᠯ ᠢᠶᠠᠨ ᠮᠠᠯᠵᠢᠵᠦ᠂ ᠮᠠᠯ ᠤᠨ ᠢᠶᠠᠨ ᠠᠰᠢᠭ ᠰᠢᠮ᠎ᠡ ᠶᠢ ᠵᠤᠬᠢᠰᠳᠠᠢ ᠰᠠᠶᠢᠬᠠᠨ ᠪᠤᠷᠤᠯᠠᠭᠤᠯᠵᠦ ᠤᠷᠤᠯᠭ᠎ᠠ ᠡᠬᠦᠳᠬᠦ ᠨᠢ ᠮᠠᠯᠴᠢᠨ ᠬᠦᠮᠦᠨ ᠤ ᠪᠠᠶᠠᠰᠤᠯ ᠶᠤᠮ᠃ ᠡᠨᠡ ᠵᠢᠯ ᠮᠠᠯᠴᠢᠨ ᠰᠤᠶᠤᠯᠳᠤ ᠶᠢᠨ ᠬᠢᠨ 120 ᠬᠤᠨᠢᠨ ᠤ ᠪᠠᠨ ᠨᠤᠤᠰᠤ ᠶᠢ 10000 ᠰᠢᠬᠠᠮ ᠳᠦᠬᠦᠷᠢᠭ ᠢᠶᠠᠷ ᠬᠤᠳᠠᠯᠳᠤᠵᠦ᠂ 100 ᠭᠠᠷᠤᠢ ᠬᠤᠷᠠᠭ᠎ᠠ ᠨᠢ 60 ᠵᠢᠩ ᠢᠶᠠᠷ ᠳᠡᠭᠰᠢᠳᠬᠡᠵᠦ᠂1060 ᠳᠦᠬᠦᠷᠢᠭ ᠢᠶᠠᠷ ᠬᠤᠳᠠᠯᠳᠤᠭᠰᠠᠨ ᠳᠤ ᠪᠠᠨ ᠮᠠᠰᠢ ᠰᠡᠳᠬᠢᠯ ᠬᠠᠨᠤᠮᠵᠢᠳᠠᠢ ᠪᠠᠶᠢᠯ᠎ᠠ᠃ ᠴᠠᠬᠠᠷ ᠬᠤᠨᠢ ᠮᠠᠯᠵᠢᠭᠰᠠᠨ ᠤᠯᠤᠯᠳᠠ ᠳᠦᠷᠦᠭᠳᠡᠯ ᠤᠨ ᠢᠶᠠᠨ ᠳᠤᠬᠠᠢ ᠮᠠᠯᠴᠢᠨ ᠬᠡᠷᠡᠯ᠎ᠡ ︽ᠵᠦᠪ ᠤᠨᠤᠪᠴᠢᠳᠠᠢ ᠮᠠᠯᠵᠢᠯ ᠤᠨ ᠠᠷᠭ᠎ᠠ ᠠᠪᠴᠠᠯ ᠤᠨ ᠰᠠᠭᠤᠷᠢᠨ ᠳᠡᠬᠡᠷ᠎ᠡ ᠰᠢᠷᠭᠠᠭᠤ ᠬᠦᠳᠡᠯᠮᠤᠷᠢ᠂ ᠨᠠᠷᠢᠨ ᠨᠢᠮᠪᠠᠢ ᠠᠷᠠᠴᠢᠯᠠᠭ᠎ᠠ ᠳᠤᠳᠤᠮᠳᠤᠯᠭ᠎ᠠ ᠪᠠᠶᠢᠮᠠᠨᠵᠢᠨ ᠰᠠᠶ᠋ᠢ ᠡᠬᠡ ᠮᠠᠯ ᠤᠨ ᠳᠠᠷᠭᠤ ᠬᠦᠴᠦ ᠶᠢ ᠪᠠᠳᠤᠯᠠᠬᠤ ᠮᠦᠷᠳᠡᠬᠡᠨ ᠬᠤᠷᠠᠭ᠎ᠠ ᠪᠠᠨ ᠴᠤ ᠰᠠᠶᠢᠬᠠᠨ ᠬᠦᠷᠪᠡᠵᠢᠬᠦᠯᠵᠦ ᠴᠢᠳᠠᠨ᠎ᠠ᠃ ᠴᠠᠬᠠᠷ ᠬᠤᠨᠢ ᠮᠠᠯᠵᠢᠬᠤ ᠳᠤ ᠡᠪᠤᠯ ᠬᠠᠪᠤᠷ ᠤᠨ ᠴᠠᠭ ᠲᠤ ᠡᠬᠡ ᠮᠠᠯ ᠤᠨ ᠪᠤᠷᠳᠤᠭᠤᠷ ᠢ ᠵᠤᠬᠢᠰᠳᠠᠢ ᠦᠭᠬᠦ ᠶᠢᠨ ᠳᠠᠭᠠᠤ ᠫᠧᠩ ᠬᠤᠷᠤᠭᠠᠨ  ᠤ ᠳᠤᠯᠠᠭᠠᠯᠠᠭ᠎ᠠ ᠴᠤ ᠰᠠᠶᠢᠨ ᠪᠠᠶᠢᠬᠤ ᠴᠢᠬᠤᠯᠠ︾ ᠬᠡᠵᠦ ᠶᠠᠷᠢᠨ᠎ᠠ᠃ ᠮᠠᠯᠴᠢᠨ ᠰᠤᠶᠤᠯᠳᠤ ᠶᠢᠨ ᠬᠢᠨ ᠪᠡᠯᠴᠢᠬᠡᠷ ᠢᠶᠠᠨ ᠨᠡᠶᠢᠳᠡ 6 ᠬᠡᠰᠡᠭ ᠬᠤᠪᠢᠶᠠᠵᠦ ᠳᠦᠷᠪᠡᠨ ᠤᠯᠠᠷᠢᠯ ᠢᠶᠠᠷ ᠰᠡᠯᠬᠦᠵᠦ ᠮᠠᠯᠵᠢᠳᠠᠭ ᠨᠢ ᠡᠪᠡᠰᠦᠨ ᠤ ᠤᠷᠭᠤᠴᠠ ᠶᠢ ᠪᠠᠳᠤᠯᠠᠵᠦ᠂ ᠪᠡᠯᠴᠢᠬᠡᠷ ᠢᠶᠠᠨ ᠬᠢᠮᠠᠭᠠᠳᠠᠵᠦ᠂ ᠪᠡᠯᠴᠢᠬᠡᠷ ᠢᠶᠠᠨ ᠦᠷ᠎ᠡ ᠠᠰᠢᠭᠳᠠᠢ ᠪᠠᠷ ᠠᠰᠢᠭᠯᠠᠬᠤ ᠮᠠᠯᠴᠢᠨ ᠬᠦᠮᠦᠨ ᠤ ᠬᠢᠷᠠᠬᠠᠢ ᠤᠬᠠᠭᠠᠨ ᠪᠤᠯᠬᠤ ᠶᠤᠮ᠃      ᠡᠳᠡᠬᠡᠷ ᠵᠢᠯ ᠤᠨ ᠳᠤᠷᠰᠢ ᠡᠳᠡᠨᠡᠶᠢᠬᠢᠨ ᠡᠪᠤᠯ ᠤᠨ ᠢᠳᠡᠰᠢᠨ ᠤ ᠴᠠᠭ ᠢᠶᠠᠷ ᠬᠡᠷᠡᠭᠯᠡᠨ ᠠᠪᠤᠭᠴᠢᠳ ᠤᠨ  ᠵᠠᠬᠢᠶᠠᠯᠠᠭ᠎ᠠ  ᠪᠠᠷ ᠬᠦᠳᠡᠭᠡ ᠪᠠᠨ ᠬᠤᠨᠢ ᠵᠠᠷᠤᠵᠦ ᠪᠤᠷᠤᠯᠠᠭᠤᠯᠤᠨ᠂ ᠬᠤᠨᠢᠨ ᠮᠢᠬ᠎ᠠ ᠪᠠᠨ ᠬᠤᠳᠠᠯᠳᠤᠬᠤ ᠪᠤᠷᠤᠯᠠᠭᠤᠯᠭ᠎ᠠ ᠶᠢᠨ ᠵᠠᠮ ᠢᠶᠠᠨ ᠨᠡᠬᠡᠬᠡᠭᠰᠡᠨ ᠢᠶᠠᠷ ᠨᠢᠬᠡ ᠪᠦᠯᠦᠭ ᠲᠠᠨᠢᠯ ᠰᠠᠳᠤᠨ᠂ ᠨᠠᠶᠢᠵᠠ ᠨᠦᠬᠦᠳ ᠨᠢ ᠡᠳᠡᠨᠠᠶᠢᠬᠢᠨ ᠠᠴᠠ ᠱᠦᠯᠦᠨ ᠤ ᠬᠤᠨᠢ᠂ ᠢᠳᠡᠰᠢᠨ ᠤ ᠬᠤᠨᠢ ᠵᠠᠬᠢᠶᠠᠯᠠᠬᠤ ᠪᠠᠶᠢᠩᠭᠤ ᠶᠢᠨ ᠬᠤᠳᠠᠯᠳᠤᠨ ᠠᠪᠤᠭᠴᠢ ᠪᠤᠯᠵᠦ᠂ ᠮᠠᠯᠴᠢᠨ ᠰᠤᠶᠤᠯᠳᠤ ᠡᠬᠦᠳᠡᠨ ᠳᠤ ᠪᠠᠨ ᠠᠷᠠᠯᠵᠢᠶ᠎ᠠ ᠡᠷᠬᠢᠯᠡᠵᠦ ᠤᠷᠤᠯᠭ᠎ᠠ ᠪᠠᠨ ᠨᠡᠮᠡᠭᠳᠡᠬᠦᠯᠦᠨ᠎ᠡ᠃ ᠤᠳᠠᠯ ᠦᠬᠡᠢ ᠡᠪᠤᠯ ᠤᠨ ᠠᠭᠤᠷ ᠤᠷᠤᠬᠤ ᠪᠤᠯᠤᠯ᠎ᠠ᠂ ᠮᠠᠯ ᠰᠦᠷᠦᠭ ᠢᠶᠠᠨ ᠲᠠᠷᠭᠤᠨ ᠲᠠᠪᠠᠳᠠᠢ᠂ ᠮᠡᠨᠳᠦ ᠤᠨᠳᠤᠷᠠᠭᠤᠯᠬᠤ  ᠶᠢᠨ ᠳᠦᠯᠦᠬᠡ ᠰᠡᠳᠬᠢᠯ ᠬᠦᠴᠦ᠂ ᠤᠬᠠᠭᠠᠨ ᠲᠠᠮᠢᠷ ᠢᠶᠠᠨ ᠰᠢᠪᠬᠠᠵᠦ ᠴᠢᠷᠮᠠᠶᠢᠭᠰᠠᠭᠠᠷ ᠯᠠ ᠢᠷᠡᠭᠰᠡᠨ ᠠᠵᠢᠯᠴᠢ ᠬᠤᠶᠠᠷ ᠮᠠᠨᠢ ᠡᠨᠡ ᠡᠪᠤᠯ 150 ᠬᠤᠨᠢ᠂ 40 ᠭᠠᠷᠤᠢ ᠦᠬᠡᠷ ᠢᠶᠠᠨ ᠡᠪᠤᠯᠵᠢᠬᠦᠯᠬᠦ ᠡᠪᠡᠰᠦ᠂ ᠳᠡᠵᠢᠬᠡᠯ ᠪᠤᠷᠳᠤᠭᠤᠷ ᠬᠡᠳ ᠶᠠᠭᠠᠷᠠᠯᠳᠤᠨ᠎ᠠ ᠡ︕
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号