ᠮᠠᠯᠴᠢᠨ ᠠᠵᠣ ᠠᠬᠤᠶᠢᠯᠠᠯᠳᠠᠨ ᠬᠦᠷᠡᠯᠪᠠᠭᠠᠲᠤᠷ
ᠨᠡᠶᠢᠲᠡᠯᠡᠭᠰᠡᠨ ᠴᠠᠭ᠄
2021/11/11
     ᠬᠦᠪᠡᠬᠡᠳᠣ ᠰᠢᠷ᠎ᠡ ᠬᠤᠰᠢᠭᠤᠨ ᠤ ᠪᠠᠶᠠᠨᠳᠠᠯ᠎ᠠ ᠪᠠᠯᠭᠠᠰᠣᠨ ᠤ ᠬᠤᠳᠠ ᠶᠢᠨ ᠭᠤᠣᠯ ᠭᠠᠴᠠᠭ᠎ᠠ ᠪᠠᠷ ᠨᠣᠳᠣᠬᠲᠠᠢ ᠮᠠᠯᠴᠢᠨ ᠬᠦᠷᠡᠯᠪᠠᠭᠠᠲᠤᠷ᠂ ᠮᠠᠯ ᠤᠨ ᠡᠮᠴᠢ ᠶᠢᠨ ᠳᠤᠰᠬᠠᠢ ᠮᠡᠷᠭᠡᠵᠢᠯ ᠰᠤᠷᠤᠯᠴᠠᠭᠰᠠᠨ ᠤ ᠬᠠᠮᠲᠦ ᠮᠠᠯ ᠤᠨ ᠰᠢᠮ᠎ᠠ ᠲᠡᠵᠢᠬᠡᠯ  ᠤᠨ ᠣᠬᠠᠭᠠᠨ᠂ ᠮᠠᠯ ᠤᠨ ᠲᠡᠵᠢᠬᠡᠯᠬᠡ ᠠᠷᠠᠴᠢᠯᠠᠭ᠎ᠠ᠂ ᠪᠣᠷᠳᠣᠨ ᠲᠠᠷᠭᠤᠯᠠᠭᠤᠯᠬᠤ ᠵᠡᠷᠬᠡ ᠮᠡᠷᠬᠡᠵᠢᠯ ᠢ ᠡᠵᠡᠮᠰᠢᠵᠣ᠂ 2005 ᠣᠨ ᠳᠤ ᠬᠦᠳᠡᠭᠡ ᠠᠴᠠ ᠬᠤᠳᠠ ᠣᠷᠣᠵᠣ᠂ ᠬᠤᠰᠢᠭᠤᠨ ᠲᠦᠪ ᠰᠢᠨᠡᠪᠣᠯᠠᠭ ᠪᠠᠯᠭᠠᠰᠣᠨ ᠳᠤ ︽ᠬᠦᠷᠠᠯ᠎ᠠ ᠮᠠᠯ ᠤᠨ ᠡᠮ  ᠤᠨ ᠲᠡᠯᠬᠡᠬᠦᠷ︾ ᠢᠶᠠᠨ ᠨᠡᠬᠡᠬᠡᠵᠣ᠂ ᠦᠢᠷ᠎ᠡ ᠬᠠᠪᠢ ᠶᠢᠨ ᠮᠠᠯᠴᠢᠳ ᠤᠨ ᠮᠠᠯ ᠰᠦᠷᠦᠭ ᠤᠨ ᠦᠨᠢᠷ ᠦᠰᠣᠯᠳᠠ ᠳᠤ ᠣᠯᠠᠨ ᠣᠳᠠᠭ᠎ᠠ ᠲᠣᠰᠠ ᠲᠡᠮ ᠪᠣᠯᠣᠬᠰᠠᠨ ᠠᠴᠠ ᠮᠠᠯᠴᠢᠳ ᠤᠨ ᠬᠦᠷᠢᠶᠠᠯᠠᠯ ᠢ ᠣᠯᠣᠬᠰᠠᠨ ᠠᠵᠣ ᠠᠬᠤᠶᠢᠯᠠᠯᠳᠠᠨ ᠪᠤᠯᠵᠠᠢ᠃      ᠬᠦᠷᠡᠯᠪᠠᠭᠠᠲᠤᠷ ᠮᠠᠯ ᠤᠨ ᠡᠮ ᠤᠨ ᠲᠡᠯᠬᠡᠬᠦᠷ ᠢᠶᠠᠨ ᠨᠡᠬᠡᠬᠡᠭᠰᠠᠨ ᠠᠴᠠ ᠠᠪᠣᠭᠠᠳ ᠣᠯᠠᠨ ᠵᠦᠢᠯ ᠤᠨ ᠪᠣᠯᠪᠠᠰᠣᠷᠠᠯ  ᠳᠤ ᠣᠷᠣᠯᠴᠠᠵᠣ᠂ ᠮᠡᠷᠬᠡᠵᠢᠯ ᠢᠶᠠᠨ ᠲᠡᠬᠡᠭᠰᠢᠯᠡᠬᠦᠯᠵᠣ ᠲᠣᠷᠰᠢᠯᠭ᠎ᠠ ᠬᠤᠷᠠᠮᠳᠣᠭᠤᠯᠬᠤ ᠪᠠᠷ ᠲᠠᠮᠵᠢᠨ ᠬᠤᠶᠢᠰᠢᠳᠠ ᠶᠢᠨ ᠮᠠᠯ ᠠᠵᠣ ᠠᠬᠤᠢ ᠶᠢᠨ ᠲᠣᠬᠳᠠᠭᠤᠨ ᠬᠦᠭᠵᠢᠯᠳᠠ ᠪᠡ ᠣᠳᠣᠬᠠᠨ ᠤ ᠮᠠᠯᠴᠢᠳ ᠤᠨ ᠰᠠᠨᠠᠭᠠᠰᠢᠷᠠᠵᠣ ᠪᠠᠶᠢᠭ᠎ᠠ ᠮᠠᠯ ᠠᠵᠣ ᠠᠬᠤᠢ  ᠶᠢᠨ ᠦᠷ᠎ᠡ ᠠᠰᠢᠭ ᠢ ᠬᠡᠷᠬᠢᠨ ᠲᠡᠬᠡᠭᠰᠢᠯᠡᠬᠦᠯᠬᠦ ᠠᠰᠠᠭᠤᠳᠠᠯ ᠳᠤ ᠠᠩᠬᠠᠷᠤᠯ ᠢᠶᠠᠨ ᠬᠠᠨᠳᠤᠭᠤᠯᠵᠤ᠂ ᠮᠠᠯ ᠠᠵᠣ ᠠᠬᠤᠢ ᠳᠤ ᠬᠡᠷᠡᠭᠰᠡᠬᠦ  ᠪᠦᠳᠣᠬᠡᠭᠳᠡᠬᠦᠨ ᠢ ᠬᠢᠮᠳᠠ ᠪᠠᠷ ᠣᠷᠣᠭᠤᠯᠵᠣ᠂ ᠵᠠᠷᠣᠯᠭ᠎ᠠ ᠶᠢ ᠪᠠᠭᠠᠰᠬᠠᠨ ᠦᠪᠡᠷ ᠤᠨ ᠴᠡᠪᠡᠷ ᠪᠠᠶᠢᠭᠠᠯᠢᠯᠢᠭ ᠪᠦᠳᠣᠬᠡᠭᠳᠡᠬᠦᠨ ᠢᠶᠠᠷ ᠢᠶᠠᠨ ᠰᠢᠨ᠎ᠠ ᠵᠠᠬ᠎ᠠ ᠲᠡᠯᠬᠡᠬᠦᠷ ᠢ ᠨᠡᠬᠡᠬᠡᠨ ᠰᠢᠭᠤᠳ ᠬᠡᠷᠡᠭᠯᠡᠭᠴᠢ ᠶᠢᠨ ᠭᠠᠷ ᠲᠤ ᠬᠦᠷᠬᠡᠨ ᠠᠰᠢᠭ ᠣᠷᠣᠯᠭ᠎ᠠ ᠪᠠᠨ ᠨᠡᠮᠡᠭᠳᠡᠬᠦᠯᠵᠠᠢ᠃ ︽ᠮᠠᠯ ᠤᠨ ᠡᠮ ᠤᠨ ᠳᠡᠯᠭᠡᠬᠦᠷ︾ ᠢᠶᠠᠨ ᠰᠢᠨ᠎ᠠ ᠡᠷᠡᠨ ᠤ ᠬᠡᠪᠴᠢᠶᠠᠵᠢᠭ᠍ᠰᠡᠨ ᠮᠠᠯ ᠠᠵᠣ ᠠᠬᠤᠢ ᠶᠢᠨ ᠱᠠᠭᠠᠷᠳᠠᠯᠭ᠎ᠠ ᠳᠤ ᠬᠦᠷᠬᠡᠬᠦ ᠡᠬᠦᠳᠠᠨ ᠠᠴᠠ 2015 ᠣᠨ ᠤ 7 ᠰᠡᠷ᠎ᠡ ᠳᠤ ︽ᠬᠦᠷᠡᠯ᠎ᠡ ᠲᠡᠷᠢᠶᠠᠯᠠᠩ ᠮᠠᠯ ᠠᠵᠣ ᠠᠬᠤᠢ ᠢ ᠬᠦᠭᠵᠢᠬᠦᠯᠬᠦ ᠬᠢᠵᠠᠭᠠᠷᠳᠣ ᠺᠣᠮᠫᠠᠨᠢ︾ ᠶᠢ ᠪᠠᠶᠢᠭᠤᠯᠵᠣ᠂ ᠣᠣᠯ ᠤᠨ ᠳ᠋ᠠᠩ ᠭᠠᠭᠴᠠ ᠮᠠᠯ ᠤᠨ ᠡᠮ ᠪᠣᠷᠣᠯᠠᠭᠤᠯᠵᠣ ᠪᠠᠶᠢᠬᠰᠠᠨ ᠠᠴᠠ ᠪᠠᠨ ᠡᠪᠡᠰᠣ ᠪᠣᠷᠳᠣᠭᠤᠷ᠂ ᠮᠢᠬ᠎ᠠ ᠡᠳ᠋ᠰᠢᠬᠦᠯᠣᠨ ᠪᠣᠷᠣᠯᠠᠭᠤᠯᠵᠣ ᠮᠠᠯ ᠠᠵᠣ ᠠᠬᠤᠢ ᠶᠢ ᠬᠦᠭᠵᠢᠬᠦᠯᠬᠦ ᠬᠦᠷᠢᠶ᠎ᠠ ᠬᠡᠪᠴᠢᠶ᠎ᠠ ᠲᠠᠢ ᠪᠣᠯᠣᠨ ᠦᠷᠬᠡᠵᠢᠭᠰᠡᠨ ᠪᠠᠶᠢᠨ᠎ᠠ᠃      ᠬᠦᠷᠡᠯᠪᠠᠭᠠᠲᠤᠷ ᠠᠵᠣ ᠠᠬᠤᠶᠢᠯᠠᠯ ᠡᠷᠬᠢᠯᠡᠭᠰᠠᠨ ᠠᠴᠠ ᠪᠠᠨ ᠠᠪᠣᠭᠠᠳ ᠮᠠᠯᠴᠢᠨ ᠲᠦᠮᠡᠨ ᠲᠠᠢ ᠬᠠᠷᠢᠯᠴᠠᠨ ᠢᠳᠡᠬᠡᠯᠴᠡᠬᠦ ᠰᠠᠶᠢᠨ ᠰᠠᠶᠢᠬᠠᠨ ᠬᠠᠷᠢᠴᠠᠭ᠎ᠠ ᠶᠢ ᠪᠣᠢ ᠪᠣᠯᠭᠠᠵᠣ᠂ ᠮᠢᠩᠭ᠎ᠠ ᠠᠴᠠ ᠲᠡᠬᠡᠭᠰᠢ ᠲᠣᠭᠠᠨ ᠤ ᠪᠠᠶᠢᠩᠭᠤ ᠶᠢᠨ ᠬᠡᠷᠡᠭᠯᠡᠭᠴᠢ ᠲᠠᠢ ᠪᠣᠯᠣᠨ ᠦᠷᠬᠡᠵᠢᠵᠣ᠂ ᠮᠠᠨ ᠤ ᠬᠤᠰᠢᠭᠤᠨ ᠤ ᠦᠢᠷ᠎ᠡ ᠵᠡᠷᠬᠡᠯᠡᠳᠡᠭᠡ ᠬᠤᠰᠢᠭᠤ ᠰᠢᠶᠠᠨ ᠤ ᠬᠡᠷᠡᠭᠯᠡᠭᠴᠢ  ᠶᠢᠨ ᠬᠠᠯᠠᠭᠤᠨ ᠬᠦᠷᠢᠶᠠᠯᠠᠯ ᠢ ᠴᠤ ᠣᠯᠣᠬᠰᠠᠭᠠᠷ ᠢᠷᠡᠭᠰᠠᠨ ᠪᠦᠬᠡᠳ ᠦᠢᠯᠡᠰ ᠡᠷᠬᠢᠯᠡᠭᠰᠠᠨ ᠠᠷᠪᠠᠨ ᠵᠢᠯ ᠤᠨ ᠣᠢ ᠳᠤ ᠪᠠᠨ ᠮᠠᠯᠴᠢᠨ ᠲᠦᠮᠡᠨ ᠳᠤ ᠪᠠᠨ ᠬᠠᠷᠢᠭᠤ ᠲᠠᠯᠠᠷᠬᠠᠬᠤ ᠠᠵᠢᠯᠯᠠᠭ᠎ᠠ ᠦᠷᠨᠢᠬᠦᠯᠵᠣ᠂ 9 ᠲᠦᠮᠡᠨ ᠲᠦᠬᠦᠷᠢᠭ ᠤᠨ ᠪᠡᠯᠡ ᠮᠦᠩᠬᠦ  ᠶᠢ ᠱᠠᠩᠨᠡᠯᠳᠣ ᠲᠡᠮᠳᠡᠭ ᠤᠨ ᠬᠡᠯᠪᠡᠷᠢ ᠪᠠᠷ ᠮᠠᠯᠴᠢᠨ ᠲᠦᠮᠡᠨ ᠳᠤ ᠪᠣᠴᠠᠭᠠᠨ ᠦᠭᠬᠦᠭᠰᠡᠨ ᠪᠠᠶᠢᠨ᠎ᠠ᠃      ᠲᠡᠷᠡ ᠪᠠᠰᠠ ᠸᠢᠴᠡᠲ ᠬᠤᠯᠪᠣᠭ᠎ᠠ ᠵᠡᠷᠬᠡ ᠳᠠᠪᠴᠠᠩ ᠢ ᠠᠰᠢᠬᠯᠠᠵᠣ ᠦᠷᠬᠦᠯᠵᠢ ᠲᠣᠬᠢᠶᠠᠯᠳᠣᠳᠠᠭ ᠮᠠᠯ ᠤᠨ ᠡᠪᠡᠳᠴᠢᠨ ᠢ ᠡᠮᠨᠠᠨ ᠵᠠᠰᠠᠬᠤ ᠠᠷᠭ᠎ᠠ ᠪᠠᠷᠢᠯ ᠤᠳ ᠢ ᠪᠣᠷᠣᠯᠠᠭᠤᠯᠵᠣ ᠪᠠᠶᠢᠭ᠎ᠠ ᠡᠮ ᠲᠠᠢ ᠪᠠᠨ ᠣᠶᠠᠯᠳᠣᠭᠤᠯᠣᠨ ᠦᠷᠬᠡᠨ ᠣᠯᠠᠨ ᠮᠠᠯᠴᠢᠨ ᠲᠦᠮᠡᠨ ᠳᠤ ᠪᠠᠨ ᠦᠪᠡᠷ ᠤᠨ ᠮᠡᠳᠡᠬᠦ ᠬᠡᠪᠴᠢᠶᠠᠨ ᠳᠤ ᠪᠠᠨ ᠬᠠᠷᠠᠮ ᠦᠬᠡᠢ ᠲᠠᠶᠢᠯᠪᠤᠷᠢᠯᠠᠨ ᠦᠢᠯᠡᠴᠢᠯᠡᠵᠤ ᠮᠠᠯᠴᠢᠳ ᠤᠨ ᠢᠶᠠᠨ ᠬᠠᠯᠠᠭᠤᠨ ᠬᠦᠷᠢᠶᠡᠯᠡᠯ ᠢ ᠤᠯᠤᠭᠰᠠᠨ ᠪᠠᠶᠢᠨ᠎ᠠ᠃ᠮᠠᠯᠴᠢᠨ ᠲᠦᠮᠡᠨ ᠳᠤ ᠪᠠᠨ ᠦᠨᠡᠨᠴᠢ ᠢᠲᠡᠭᠡᠯ ᠲᠠᠢ ᠦᠢᠯᠡᠴᠢᠯᠡᠵᠤ᠂ ᠤᠯᠠᠨ ᠤ ᠬᠦᠨᠳᠦᠳᠬᠡᠯ ᠪᠢᠰᠢᠷᠡᠯ ᠢ ᠬᠦᠷᠲᠡᠭᠰᠡᠨ  ᠠᠴᠠ ᠬᠦᠷᠡᠯᠪᠠᠭᠠᠲᠤᠷ ᠤᠨ ᠺᠤᠮᠫᠠᠨᠢ ᠨᠢ ︽ᠦᠪᠡᠷᠳᠡᠭᠡᠨ ᠵᠠᠰᠠᠬᠤ ᠤᠷᠤᠨ ᠤ ᠦᠨᠡᠨᠴᠢ ᠢᠲᠡᠭᠡᠯ ᠲᠠᠢ ᠵᠢᠱᠢᠶᠡᠴᠢ ᠠᠵᠤ ᠠᠬᠤᠶᠢᠯᠠᠯ︾᠂ ︽ᠦᠪᠡᠷᠳᠡᠭᠡᠨ ᠵᠠᠰᠠᠬᠤ ᠤᠷᠤᠨ ᠤ ᠳᠡᠰ ᠤᠨ ᠦᠢᠯᠡᠰ ᠪᠦᠲᠦᠭᠡᠭᠰᠡᠨ ᠵᠢᠱᠢᠶᠡᠴᠢ ᠳᠡᠯᠭᠡᠬᠦᠷ︾ ᠵᠡᠷᠭᠡ ᠢᠷᠠᠭᠤ ᠠᠯᠳᠠᠷ ᠢ ᠬᠦᠷᠲᠡᠭᠰᠡᠨ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号