ᠴᠠᠭᠠᠨ ᠢᠳᠡᠭᠡᠨ ᠤ ᠪᠤᠭᠤᠷᠰᠤᠭ ᠪᠤᠷᠤᠯᠠᠭᠤᠯᠭ᠎ᠠ ᠰᠠᠶᠢᠨ ᠪᠠᠶᠢᠨ᠎ᠠ
ᠨᠡᠶᠢᠲᠡᠯᠡᠭᠰᠡᠨ ᠴᠠᠭ᠄
2021/12/20
     ᠵᠢᠯ ᠤᠨ ᠡᠴᠦᠰ ᠪᠤᠯᠴᠢᠬᠠᠯ᠎ᠠ᠃ ᠭᠦᠪᠡᠭᠡᠳᠥ ᠰᠢᠷ᠎ᠠ ᠬᠤᠰᠢᠭᠤᠨ  ᠤ ᠰᠢᠨᠡᠪᠤᠯᠠᠭ ᠪᠠᠯᠭᠠᠰᠤᠨ ᠤ ︽ᠬᠠᠢ ᠵᠢᠶᠦ᠋ᠨ ᠪᠣᠭᠤᠷᠰᠤᠭ ᠬᠢᠬᠦ ᠭᠠᠵᠠᠷ︾ ᠤᠨ ᠪᠣᠭᠤᠷᠰᠤᠭ ᠬᠢᠬᠦ ᠠᠵᠢᠯᠴᠢᠳ ᠴᠣᠯ ᠪᠠᠶᠢᠭᠠᠯᠢᠯᠢᠭ ᠰᠢᠷ᠎ᠠ ᠲᠣᠰᠣ᠂ ᠵᠦᠭᠡᠭᠡᠢ᠂ ᠰᠢᠷ᠎ᠠ ᠤᠰᠤ ᠪᠠᠷ ᠭᠤᠯᠢᠷ ᠵᠢᠭᠤᠷᠠᠵᠤ ᠰᠠᠷᠠᠨ ᠪᠤᠭᠤᠷᠰᠤᠭ᠂ ᠰᠠᠯᠪᠢᠡᠭ ᠪᠣᠭᠤᠷᠰᠤᠭ ᠵᠡᠷᠭᠡ ᠤᠯᠠᠨ ᠲᠦᠷᠦᠯ ᠤᠨ ᠪᠤᠭᠤᠷᠰᠤᠭ ᠬᠢᠵᠤ ᠶᠠᠭᠠᠷᠠᠯᠳᠤᠨ᠂ ᠰᠠᠶ᠋ᠢᠬᠠᠨ ᠪᠤᠯᠭᠤᠭᠰᠠᠨ ᠪᠣᠭᠤᠷᠰᠤᠭ ᠠᠴᠠ ᠰᠢᠷ᠎ᠠ ᠲᠣᠰᠣᠨ ᠤ ᠠᠩᠬᠢᠯᠤᠮ᠎ᠠ ᠦᠨᠦᠷ ᠬᠠᠨᠭ᠍ᠬᠤᠯᠵᠤ ᠪᠠᠶᠢᠯ᠎ᠠ᠃      ᠸᠠᠩ ᠬᠠᠢ ᠵᠢᠶᠦ᠋ᠨ 2015 ᠣᠨ ᠠᠴᠠ ᠡᠬᠢᠯᠡᠨ᠂ ᠬᠥᠪᠡᠭᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤᠨ ᠳᠤ ︽ᠬᠠᠢ ᠵᠢᠶᠦ᠋ᠨ ᠪᠣᠭᠤᠷᠰᠤᠭ ᠬᠢᠭᠦ ᠭᠠᠵᠠᠷ︾ ᠢᠶᠠᠨ ᠡᠵᠡᠩᠨᠡᠪᠡ᠃ ᠲᠡᠳᠡ ᠶᠡᠷᠦ ᠳᠡᠭᠡᠨ ᠥᠷᠯᠥᠭᠡ ᠶᠢᠨ 8 ᠴᠠᠭ ᠲᠤ ᠠᠵᠢᠯ ᠢᠶᠠᠨ ᠡᠬᠢᠯᠡᠭᠦᠯᠵᠦ᠂ ᠣᠷᠣᠶ ᠶᠢᠨ 5 ᠴᠠᠭ ᠪᠣᠯᠲᠠᠯ᠎ᠠ ᠶᠠᠭᠠᠷᠠᠳᠠᠭ᠃ ᠴᠠᠭᠠᠨ ᠰᠠᠷ᠎ᠠ ᠠᠴᠠ ᠡᠮᠦᠨᠡᠬᠢ ᠨᠢᠭᠡ ᠰᠠᠷ᠎ᠠ ᠶᠢᠨ ᠬᠤᠭᠤᠴᠠᠭᠠᠠ ᠳᠤ ᠲᠡᠳᠡᠨ ᠤ ᠠᠵᠢᠯ ᠨᠢ ᠨᠡᠩ ᠶᠠᠭᠠᠷᠠᠯᠲᠠᠶ ᠪᠣᠯᠵᠤ᠂ ᠥᠷᠯᠥᠭᠡ ᠶᠢᠨ 5 ᠴᠠᠭ ᠠᠴᠠ ᠠᠵᠢᠯ ᠢᠶᠠᠨ ᠡᠬᠢᠯᠡᠭᠦᠯᠵᠦ ᠰᠦᠨᠢ ᠳᠦᠯᠢ ᠪᠣᠯᠲᠠᠯ᠎ᠠ ᠠᠵᠢᠯᠯᠠᠳᠠᠭ᠃ᠸᠠᠩ ᠬᠠᠢ ᠵᠢᠶᠦ᠋ᠨ᠄ ︽ᠡᠨᠡ ᠠᠵᠢᠯ ᠢ ᠬᠢᠭᠡᠳ ᠨᠢᠭᠡᠨᠲᠡ 8 ᠵᠢᠯ ᠪᠤᠯᠵᠤ ᠪᠠᠶᠢᠨ᠎ᠠ︔ ᠮᠢᠨᠥ ᠠᠳᠡ ᠢᠷᠡᠵᠥ ᠪᠣᠭᠤᠷᠰᠤᠭ ᠬᠢᠯᠭᠡᠳᠡᠭ ᠭᠥᠮᠥᠰ ᠤᠨ ᠤᠯᠠᠩᠬᠢ ᠨᠢ ᠮᠠᠯᠴᠢᠤᠠ᠂ ᠴᠠᠭᠠᠨ ᠢᠳᠡᠭᠡᠨ ᠤ ᠳᠡᠯᠭᠡᠭᠦᠷ ᠡᠵᠡᠩᠨᠡᠭᠴᠢ ᠪᠠ ᠬᠤᠲᠠ ᠪᠠᠯᠭᠠᠰᠤᠨ ᠤ ᠰᠠᠭᠤᠭᠠᠯᠢ ᠠᠷᠠᠳ ᠶᠤᠮ︔ ᠡᠳᠥᠷ ᠲᠤ 150 ᠭᠠᠷᠤᠢ ᠵᠢᠩ ᠪᠣᠭᠤᠷᠰᠤᠭ ᠬᠢᠳᠡᠭ︾ ᠭᠡᠵᠥ ᠶᠠᠷᠢᠯ᠎ᠠ᠃      ᠰᠢᠷ᠎ᠠ ᠲᠤᠰᠤᠠ ᠤ ᠪᠣᠭᠤᠷᠰᠤᠭ ᠨᠢ ᠣᠳᠣ ᠶᠢᠨ ᠬᠥᠮᠦᠰ ᠤᠨ ᠬᠤᠭᠤᠯᠠᠨ ᠰᠢᠷᠡᠭᠡᠨ ᠳᠡᠭᠡᠷ᠎ᠡ ᠳᠤᠲᠠᠭᠳᠠᠵᠤ ᠪᠣᠯᠤᠰᠢ ᠦᠭᠡᠢ ᠠᠮᠲᠠᠲᠤ ᠢᠳᠡᠭᠡᠨ ᠪᠤᠯᠵᠠᠢ᠃      ︽ᠭᠠᠳᠠᠨ᠎ᠠ ᠣᠷᠣᠨ ᠳᠤ ᠠᠵᠢᠯᠯᠠᠳᠠᠭ ᠬᠡᠤᠬᠡᠳ ᠤᠳ ᠮᠢᠨᠢ ᠰᠢᠷ᠎ᠠ ᠲᠤᠰᠤᠨ ᠤ ᠪᠣᠭᠤᠷᠰᠤᠭ ᠢᠳᠡᠬᠦ ᠳᠤᠷᠠᠲᠠᠢ ᠪᠠᠶᠢᠳᠠᠭ ᠠᠴᠠ ᠪᠢ ᠬᠡᠰᠡᠭ ᠬᠤᠭᠤᠴᠠᠭ᠎ᠠ ᠪᠤᠯᠬᠤ ᠪᠦᠷᠢ ᠠᠳᠡ ᠢᠷᠡᠵᠦ ᠪᠣᠭᠤᠷᠰᠤᠭ ᠬᠢᠯᠭᠡᠳᠡᠭ︔ ᠡᠨᠡ ᠪᠣᠭᠤᠷᠰᠤᠭ ᠬᠢᠭᠦ ᠭᠠᠵᠠᠷ ᠤᠨ ᠬᠢᠭᠰᠡᠨ ᠪᠣᠭᠤᠷᠰᠤᠭ ᠨᠢ ᠴᠡᠪᠡᠷᠭᠡᠡ ᠮᠥᠷᠲᠡᠭᠡᠨ ᠠᠮᠲᠠᠲᠠᠢ ᠪᠠᠶᠢᠳᠠᠭ︾ ᠭᠡᠵᠦ ᠪᠤᠭᠤᠷᠰᠤᠭ ᠬᠢᠯᠭᠡᠵᠤ ᠪᠠᠶᠢᠭᠰᠠᠨ ᠰᠢᠨᠡᠪᠤᠯᠠᠭ ᠪᠠᠯᠭᠠᠰᠤᠨ ᠤ ᠰᠠᠭᠤᠭᠠᠯᠢ ᠠᠷᠠᠤᠠ ᠭᠡᠷᠡᠯ᠎ᠡ ᠰᠤᠷᠪᠤᠯᠵᠢᠯᠬᠠᠴᠢ ᠳᠤ ᠶᠠᠷᠢᠯ᠎ᠠ᠃      ᠬᠦᠪᠡᠭᠡᠲᠦ ᠰᠢᠷ᠎ᠠ ᠬᠤᠰᠢᠭᠤᠨ ᠤ ᠴᠠᠭᠠᠨ ᠢᠳᠡᠭᠡᠨ ᠤ ᠦᠢᠯᠡᠰ ᠦᠷᠨᠢᠨ ᠬᠦᠭᠵᠢᠬᠦ ᠶᠢ ᠳᠠᠭᠠᠯᠳᠤᠨ᠂ ᠴᠠᠭᠠᠨ ᠢᠳᠡᠭᠡᠨ ᠤ ᠪᠤᠭᠤᠷᠰᠤᠭ᠂ ᠰᠢᠬᠢᠷ᠂ ᠤᠮᠳᠠᠭᠠᠨ ᠵᠡᠷᠭᠡ ᠳᠠᠭᠠᠯᠲᠠ ᠪᠦᠲᠦᠭᠡᠭᠳᠡᠬᠦᠨ ᠴᠤ ᠵᠠᠬ᠎ᠠ ᠳᠡᠯᠭᠡᠬᠦᠷ ᠲᠤ ᠤᠷᠤᠨ ᠵᠠᠢ  ᠪᠠᠨ ᠡᠵᠡᠯᠡᠨ᠂ ᠬᠤᠯᠠ ᠤᠶᠢᠷ᠎ᠠ ᠳᠤ ᠪᠤᠷᠤᠯᠠᠭᠤᠯᠤᠭᠳᠠᠨ᠂ ᠴᠠᠭᠠᠨ ᠢᠳᠡᠭᠡᠨ ᠤ ᠠᠵᠤ ᠦᠢᠯᠡᠰ ᠤᠨ ᠬᠡᠯᠬᠢᠶᠡᠵᠢᠯ ᠢ ᠠᠮᠵᠢᠯᠲᠠ ᠲᠠᠢ ᠪᠦᠷᠢᠯᠳᠦᠬᠦᠯᠤᠨ ᠬᠦᠭᠵᠢᠬᠦᠯᠵᠤ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号