ᠮᠠᠯᠴᠢᠨ ᠳᠦᠮᠡᠨ ᠳᠤ ᠪᠠᠨ ᠳᠠᠭᠤᠷᠢᠶᠠᠯ ᠪᠤᠯᠵᠦ ᠶᠠᠪᠤᠭ᠎ᠠ ᠵᠢᠱᠢᠶᠡᠴᠢ ᠡᠷᠦᠬᠡ
ᠨᠡᠶᠢᠲᠡᠯᠡᠭᠰᠡᠨ ᠴᠠᠭ᠄
2021/9/26
       ᠪᠤᠭᠳᠠ ᠶᠢᠨ ᠭᠤᠤᠯ ᠰᠤᠮᠤᠨ ᠤ ᠡᠯᠡᠰᠦᠳᠠᠢ ᠭᠠᠴᠠᠭᠠᠨ ᠤ ᠮᠠᠯᠴᠢᠨ ᠰᠡᠴᠡᠨᠪᠠᠶᠠᠷ᠂ ᠠᠯᠳᠠᠨᠳᠤᠶᠠᠭ᠎ᠠ ᠶᠢᠨ ᠬᠢ ᠪᠤᠯ ᠰᠢᠨ᠎ᠡ ᠮᠠᠯᠵᠢᠬᠤ ᠤᠷᠤᠨ ᠤ ᠪᠦᠳᠦᠬᠡᠨ ᠪᠠᠶᠢᠭᠤᠯᠤᠯᠳᠠ ᠳᠤ ᠦᠪᠡᠷ ᠤᠨ ᠬᠡᠬᠦ ᠦᠩᠬᠡ ᠳᠦᠷᠬᠦ ᠪᠠᠷ ᠢᠶᠠᠨ ᠳᠤᠳᠤᠷᠠᠵᠦ᠂ ᠮᠠᠯᠴᠢᠨ ᠳᠦᠮᠡᠨ ᠳᠤ ᠪᠠᠨ ᠳᠠᠭᠤᠷᠢᠶᠠᠯ ᠪᠤᠯᠵᠦ ᠶᠠᠪᠤᠭ᠎ᠠ ︽ᠠᠶᠢᠮᠠᠭ ᠤᠨ ᠳᠡᠰ ᠤᠨ ᠵᠢᠱᠢᠶᠡᠴᠢ ᠡᠷᠦᠬᠡ︾᠂  ᠬᠤᠰᠢᠭᠤᠨ ᠎ ᠤ ᠪᠠᠨ ︽ᠬᠠᠮᠤᠭ ᠭᠤᠶᠤ ᠬᠡᠷ ᠪᠦᠯᠢ︾᠂ ᠭᠠᠴᠠᠭᠠᠨ ᠤ ᠪᠠᠨ ︽ᠠᠷᠢᠭᠤᠨ ᠴᠡᠪᠡᠷᠴᠢ ᠬᠡᠷ ᠪᠦᠯᠢ︾ ᠵᠡᠷᠬᠡ ᠤᠯᠠᠨ ᠰᠠᠶᠢᠬᠠᠨ ᠢᠷᠠᠭᠤ ᠠᠯᠳᠠᠷ ᠢ ᠡᠷᠬᠦᠵᠦ ᠶᠠᠪᠤᠭ᠎ᠠ ᠴᠢᠨᠡᠬᠡᠯᠢᠭ ᠠᠮᠢᠳᠤᠷᠠᠯ ᠲᠠᠢ ᠠᠶᠢᠯ ᠪᠤᠯᠤᠨ᠎ᠠ᠃       ᠠᠯᠳᠠᠨᠳᠤᠶᠠᠭ᠎ᠠ ᠪᠠᠭ᠎ᠠ ᠠᠴᠠ ᠪᠠᠨ ᠤᠯᠠᠨ ᠰᠠᠶᠢᠬᠠᠨ ᠨᠤᠮ ᠤᠩᠰᠢᠵᠦ᠂ ᠰᠢᠯᠦᠭ ᠵᠤᠬᠢᠶᠠᠯ ᠪᠢᠴᠢᠬᠦ ᠳᠤ  ᠲᠤᠩ ᠰᠤᠨᠢᠷᠬᠠᠯ ᠲᠠᠢ ᠪᠠᠶᠢᠵᠦ᠂ ᠦᠨᠳᠤᠷ ᠳᠤᠮᠳᠠᠳᠤ ᠪᠠᠨ ᠳᠡᠬᠦᠰᠦᠬᠡᠳ ᠬᠦᠳᠡᠭᠡ ᠪᠠᠨ ᠬᠠᠷᠢᠵᠦ ᠮᠠᠯᠴᠢᠨ ᠪᠤᠯᠤᠭᠰᠠᠨ ᠪᠤᠯᠪᠠᠴᠦ ᠡᠳᠡᠬᠡᠷ ᠵᠢᠯ ᠤᠨ ᠳᠤᠷᠰᠢ ᠰᠢᠯᠦᠭ ᠵᠤᠬᠢᠶᠠᠯ ᠪᠢᠴᠢᠬᠦ᠂ ᠨᠤᠮ ᠪᠢᠴᠢᠭ ᠤᠩᠰᠢᠬᠤ ᠰᠤᠨᠢᠷᠬᠠᠯ ᠢᠶᠠᠨ ᠶᠡᠷᠦ ᠬᠠᠶᠠᠭᠰᠠᠨ ᠦᠬᠡᠢ ᠃ ᠳᠡᠷᠡ ᠪᠤᠯ ᠬᠤᠰᠢᠭᠤᠨ ᠤ ᠮᠠᠯᠴᠢᠨ ᠵᠤᠬᠢᠶᠠᠯᠴᠢᠳ ᠤᠨ ᠨᠡᠶᠢᠬᠡᠮᠯᠢᠭ  ᠤᠨ ᠬᠡᠰᠢᠬᠦᠨ᠂ ᠨᠠᠮ ᠤᠨ ᠬᠡᠰᠢᠬᠦᠨ ᠭᠤᠤᠯᠳᠠᠯᠭᠠᠳᠤ ᠡᠷᠦᠬᠡ ᠪᠠᠶᠢᠵᠦ ᠮᠠᠯᠵᠢᠬᠤ ᠦᠢᠯᠡᠳᠪᠤᠷᠢᠯᠡᠯ ᠳᠤ ᠪᠠᠨ ᠤᠯᠤᠭᠰᠠᠨ ᠠᠮᠵᠢᠯᠳᠠ ᠪᠦᠳᠦᠮᠵᠢ ᠪᠠᠷ ᠢᠶᠠᠨ ᠬᠤᠳᠠ ᠤᠰᠤᠨ ᠳᠤ ᠪᠠᠨ ᠳᠠᠭᠤᠷᠢᠶᠠᠯ ᠪᠤᠯᠵᠦ ᠶᠠᠪᠤᠨ᠎ᠠ᠃ᠠᠩᠬ᠎ᠠ ᠠᠶᠢᠯ ᠪᠤᠯᠬᠤ ᠦᠶ᠎ᠡ ᠳᠤ ᠠᠷᠪᠠᠭᠠᠳ ᠬᠤᠨᠢ᠂ ᠨᠢᠬᠡ ᠳᠤᠭᠤᠯ ᠲᠠᠢ ᠦᠨᠢᠶ᠎ᠡ ᠯᠡ ᠠᠶᠢᠯ ᠭᠡᠷ ᠤᠨ ᠬᠢᠨᠢ ᠪᠦᠬᠦ ᠬᠦᠷᠦᠩᠬᠡ ᠪᠤᠯᠵᠦ᠂ ᠤᠷᠤᠯᠭ᠎ᠠ ᠬᠡᠮᠡᠷ ᠶᠠᠭᠤᠮ᠎ᠠ ᠴᠤ ᠦᠬᠡᠢ ᠪᠠᠶᠢᠵᠦ᠂ ᠠᠮᠢᠳᠤᠷᠠᠯ ᠤᠨ ᠰᠠᠭᠤᠷᠢ ᠲᠤᠩ ᠨᠢᠮᠬᠡᠨ ᠠᠶᠢᠯ ᠪᠠᠶᠢᠯ᠎ᠠ᠃ ᠬᠤᠶᠠᠭᠤᠯᠠ ᠶᠠᠭᠠᠬᠢᠪᠠᠯ ᠠᠶᠢᠯ ᠠᠮᠢᠳᠤᠷᠠᠯ ᠢᠶᠠᠨ ᠦᠬᠡᠳᠡ ᠲᠠᠳᠠᠵᠦ ᠴᠢᠳᠠᠬᠤ ᠳᠤᠬᠠᠢ ᠪᠤᠳᠤᠯ ᠪᠤᠯᠵᠦ᠂ ᠰᠡᠴᠡᠨᠪᠠᠶᠠᠷ ᠬᠤᠰᠢᠭᠤ ᠤᠷᠤᠵᠦ ᠰᠢᠨ᠎ᠡ ᠬᠡᠷ ᠤᠨ ᠬᠡᠷᠡᠮ ᠬᠠᠨ᠎ᠠ ᠪᠤᠳᠤᠵᠦ ᠴᠢᠮᠡᠬᠦ ᠮᠡᠷᠬᠡᠵᠢᠯ ᠰᠤᠷᠴᠦ᠂ ᠠᠷᠪᠠᠨ ᠵᠢᠯ ᠡᠨᠡᠬᠦ ᠮᠡᠷᠬᠡᠵᠢᠯ ᠢᠶᠠᠷ ᠢᠶᠠᠨ ᠤᠷᠤᠯᠭ᠎ᠠ ᠡᠬᠦᠳᠪᠡ᠃ ᠠᠵᠢᠯ ᠶᠠᠪᠤᠳᠠᠯ ᠳᠤ ᠪᠠᠨ ᠬᠢᠨᠠᠮᠠᠭᠠᠢ  ᠯᠠᠪᠳᠠᠭᠤᠨ᠂ ᠦᠨᠡᠨᠴᠢ ᠴᠢᠷᠮᠠᠶᠢᠯᠳᠠ ᠎ ᠲᠠᠢ ᠳᠡᠬᠦᠨ ᠤ ᠠᠵᠢᠯ ᠤᠷᠤᠭᠰᠢᠳᠠᠢ ᠪᠠᠶᠢᠵᠦ᠂ ᠤᠷᠤᠯᠭ᠎ᠠ ᠨᠢ ᠴᠤ ᠡᠳᠦᠷ ᠢᠷᠡᠬᠦᠶ᠎ᠡ ᠨᠡᠮᠡᠭᠳᠡᠵᠦ ᠵᠤᠬᠢᠬᠤ ᠬᠠᠳᠠᠭᠠᠯᠠᠮᠵᠢ ᠎ ᠲᠠᠢ ᠪᠤᠯᠵᠦ ᠢᠷᠡᠪᠠ᠃ ᠡᠶᠢᠨ ᠬᠦ᠂ 2015 ᠤᠨ ᠳᠤ ᠬᠤᠶᠠᠷ ᠰᠠᠭᠠᠯᠢ ᠶᠢᠨ ᠦᠨᠢᠶ᠎ᠡ ᠬᠤᠳᠠᠯᠳᠤᠨ ᠠᠪᠴᠦ᠂ ᠰᠦᠨ ᠤ ᠦᠢᠯᠡᠰ ᠬᠠᠪᠰᠤᠷᠭᠠᠨ ᠡᠵᠡᠩᠨᠡᠭᠰᠡᠨ ᠠᠴᠠ ᠤᠬᠤᠷᠬᠠᠨ ᠬᠡᠳᠦᠨ ᠵᠢᠯ ᠤᠨ ᠳᠤᠳᠤᠷ᠎ᠠ ᠠᠮᠢᠳᠤᠷᠠᠯ ᠢᠶᠠᠨ ᠰᠠᠶᠢᠵᠢᠷᠠᠭᠤᠯᠵᠦ᠂ ᠤᠶᠢᠷ᠎ᠠ ᠶᠢᠨ ᠬᠡᠳᠦᠨ ᠵᠢᠯ ᠤᠨ ᠴᠡᠪᠡᠷ ᠤᠷᠤᠯᠭ᠎ᠠ ᠠᠷᠪᠠᠭᠠᠳ ᠳᠦᠮᠡᠨ ᠳᠦᠬᠦᠷᠢᠭ ᠲᠤ ᠬᠦᠷᠬᠦ ᠪᠤᠯᠵᠦ᠂ ᠠᠵᠢᠯ ᠠᠮᠢᠳᠤᠷᠠᠯ ᠎ ᠳᠤ ᠪᠠᠨ ᠤᠯᠠᠮ ᠢᠯᠡᠬᠦᠦ ᠢᠳᠡᠬᠡᠯ ᠵᠤᠷᠢᠭ ᠲᠠᠢ ᠪᠤᠯᠵᠦ ᠢᠷᠡᠪᠡ᠃ ᠤᠳᠤ ᠪᠤᠯᠬᠤ ᠳᠤ ᠠᠯᠳᠠᠨᠳᠤᠶᠠᠭ᠎ᠠ ᠶᠢᠨ ᠬᠢᠨ ᠳᠦᠴᠢᠬᠡᠳ ᠦᠬᠡᠷ᠂ ᠵᠠᠭᠤ ᠭᠠᠷᠤᠢ ᠬᠤᠨᠢ ᠮᠠᠯᠵᠢᠵᠦ᠂ ᠠᠷᠪᠠᠭᠠᠳ ᠰᠠᠭᠠᠯᠢ ᠶᠢᠨ ᠦᠨᠢᠶ᠎ᠡ ᠠᠴᠠ ᠪᠠᠨ ᠡᠳᠦᠷ ᠤᠨ 400 ᠵᠢᠩ ᠰᠦ ᠰᠠᠭᠠᠵᠦ᠂ ᠬᠤᠰᠢᠭᠤᠨ ᠤ ᠪᠠᠨ ᠴᠠᠭᠠᠨ ᠢᠳᠡᠭᠡ ᠬᠢᠵᠦ ᠪᠠᠶᠢᠭ᠎ᠠ ᠠᠶᠢᠯ ᠳᠤ ᠬᠦᠷᠬᠡᠨ ᠦᠭᠴᠦ ᠪᠠᠶᠢᠨ᠎ᠠ᠃ ︽ᠰᠦ ᠬᠡᠳᠡᠭ ᠮᠤᠩᠭᠤᠯ ᠬᠦᠮᠦᠨ ᠤ ᠡᠷᠬᠢᠮ ᠵᠦᠢᠯ᠂ ᠰᠠᠶᠢᠬᠠᠨ ᠠᠵᠢᠯᠯᠠᠵᠦ ᠴᠢᠳᠠᠭᠠᠳ᠂ ᠰᠠᠶᠢᠨ ᠴᠢᠷᠮᠠᠶᠢᠵᠦ ᠶᠠᠪᠤᠪᠠᠯ ᠰᠠᠭᠠᠯᠢ ᠶᠢᠨ ᠦᠨᠢᠶᠡᠨ ᠤ ᠦᠢᠯᠡᠰ ᠢᠶᠠᠷ ᠬᠦᠷᠦᠩᠬᠡᠵᠢᠬᠦ ᠨᠢ ᠮᠠᠯᠴᠢᠨ ᠬᠦᠮᠦᠨ ᠳᠤ ᠳᠤᠬᠢᠷᠠᠭᠰᠠᠨ ᠠᠵᠢᠯ︾ ᠬᠡᠵᠦ ᠠᠯᠳᠠᠨᠳᠤᠶᠠᠭ᠎ᠠ ᠶᠠᠷᠢᠨ᠎ᠠ᠃        ᠠᠯᠳᠠᠨᠳᠤᠶᠠᠭ᠎ᠠ ᠪᠤᠯ ᠵᠦᠪᠬᠡᠨ ᠬᠦᠳᠡᠭᠡ ᠶᠢᠨ ᠬᠠᠷ᠎ᠠ ᠪᠤᠷᠤ ᠠᠵᠢᠯ ᠳᠤ ᠴᠠᠭᠠᠷᠠᠭᠰᠠᠨ ᠨᠢᠬᠡᠨ ᠡᠬᠡᠯ ᠮᠠᠯᠴᠢᠨ ᠪᠢᠰᠢ ᠬᠠᠷᠢᠨ ᠴᠠᠭ ᠦᠷᠬᠦᠯᠵᠢ ᠨᠤᠮ ᠪᠢᠴᠢᠭ ᠲᠠᠢ ᠨᠦᠬᠦᠷᠯᠡᠵᠦ᠂ ᠮᠡᠳᠡᠯᠬᠡ ᠴᠢᠳᠠᠪᠤᠷᠢ ᠪᠠᠷ ᠠᠮᠢᠳᠤᠷᠠᠯ ᠢᠶᠠᠨ ᠬᠡᠷᠡᠯᠳᠦᠬᠦᠯᠵᠦ᠂ ᠬᠡᠦᠬᠡᠳ ᠢᠶᠠᠨ ᠬᠦᠮᠦᠵᠢᠬᠦᠯᠵᠦ ᠢᠷᠡᠭᠰᠡᠨ ᠤᠬᠠᠭᠠᠯᠢᠭ ᠪᠦᠰᠡᠬᠦᠢ᠃ ᠡᠳᠡᠬᠡᠷ ᠵᠢᠯ ᠤᠨ ᠳᠤᠷᠰᠢ  ᠳᠡᠷᠡ ᠵᠠᠪ ᠴᠢᠯᠦᠬᠡ ᠤᠯᠳᠠᠪᠠᠯ ᠦᠪᠡᠷ ᠤᠨ ᠳᠤᠷ᠎ᠠ ᠪᠠᠬ᠎ᠠ ᠲᠠᠢ ᠤᠷᠠᠨ ᠵᠤᠬᠢᠶᠠᠯ᠂ ᠳᠡᠦᠬᠡ ᠰᠤᠶᠤᠯ ᠤᠨ ᠨᠤᠮ ᠢᠶᠠᠨ ᠬᠤᠳᠠᠯᠳᠤᠨ ᠠᠪᠴᠦ ᠤᠩᠰᠢᠳᠠᠭ ᠢᠶᠠᠷ ᠬᠡᠷ ᠲᠤ ᠪᠠᠨ ᠤᠯᠠᠨ ᠰᠠᠶᠢᠬᠠᠨ ᠨᠤᠮ ᠪᠢᠴᠢᠭ ᠬᠠᠳᠠᠭᠠᠯᠠᠵᠦ᠂ ᠬᠡᠦᠬᠡᠨ ᠨᠢ ᠴᠤ ᠨᠤᠮ ᠤᠨ ᠬᠤᠷᠤᠬᠠᠶᠢᠳᠠᠨ ᠪᠠᠶᠢᠵᠦ᠂ ᠡᠨᠡ ᠵᠢᠯ ᠰᠢᠯᠢᠳᠡᠭ ᠬᠢᠷᠢ ᠪᠦᠳᠦᠮᠵᠢ ᠪᠠᠷ ᠦᠪᠡᠷ ᠤᠨ ᠬᠦᠰᠡᠵᠦ ᠮᠦᠷᠦᠬᠡᠳᠦᠭᠰᠡᠨ ᠶᠡᠭᠡ ᠰᠤᠷᠭᠠᠭᠤᠯᠢ ᠳᠤ ᠪᠠᠨ ᠰᠢᠯᠭᠠᠨ ᠤᠷᠤᠵᠠᠢ᠃ ᠡᠵᠢ ᠨᠢ ᠬᠡᠦᠬᠡᠨ ᠳᠤ ᠪᠠᠨ ᠡᠷᠳᠡᠮ ᠤᠨ ᠬᠠᠷᠭᠤᠢ ᠶᠢ ᠢᠳᠡᠬᠡᠯ ᠳᠦᠬᠦᠷᠡᠩ ᠵᠤᠷᠢᠵᠦ ᠶᠠᠪᠤᠬᠤ ᠶᠢ ᠬᠦᠰᠡᠨ ᠪᠡᠯᠬᠡᠳᠡᠵᠦ᠂ ᠦᠪᠡᠷ ᠤᠨ ᠰᠢᠯᠦᠭ ᠤᠨ ᠳᠡᠬᠦᠪᠤᠷᠢ ᠪᠠᠨ ᠬᠡᠪᠯᠡᠬᠦᠯᠵᠦ᠂ ᠬᠡᠦᠬᠡᠨ ᠳᠤ ᠪᠠᠨ ᠨᠠᠨᠳᠢᠨ ᠪᠡᠯᠡᠭ ᠪᠤᠯᠭᠠᠵᠦ ᠦᠭᠬᠦ ᠪᠠᠷ ᠪᠠᠶᠢᠭ᠎ᠠ ᠶᠢ ᠶᠠᠷᠢᠯᠴᠠᠯᠭ᠎ᠠ ᠶᠢᠨ ᠳᠤᠮᠳᠠ ᠤᠶᠢᠯᠠᠭᠠᠯ᠎ᠠ᠃        ᠮᠠᠯᠴᠢᠨ ᠪᠦᠰᠡᠭᠦᠢ ᠮᠠᠨᠢ ᠵᠠᠪ ᠴᠢᠯᠦᠬᠡ ᠪᠠᠷ ᠢᠶᠠᠨ ᠢᠰᠡᠬᠡᠢ ᠬᠢᠬᠦ᠂ ᠤᠷᠠᠯᠠᠵᠦ ᠤᠶᠤᠬᠤ᠂ ᠮᠤᠳᠤᠨ ᠰᠡᠶᠢᠯᠪᠤᠷᠢ ᠬᠢᠬᠦ ᠵᠡᠷᠬᠡ ᠤᠯᠠᠨ ᠳᠠᠯ᠎ᠠ ᠳᠤ ᠮᠡᠷᠬᠡᠰᠢᠵᠦ᠂ ᠰᠠᠶᠢᠨ ᠰᠠᠶᠢᠬᠠᠨ ᠠᠮᠢᠳᠤᠷᠠᠯ ᠢᠶᠠᠨ ᠴᠤᠭᠴᠠᠯᠬᠤ ᠳᠠᠯ᠎ᠠ ᠳᠡᠬᠡᠷ᠎ᠡ ᠮᠠᠯᠴᠢᠨ ᠳᠦᠮᠡᠨ ᠳᠤ ᠪᠠᠨ ᠳᠠᠭᠤᠷᠢᠶᠠᠯ  ᠪᠤᠯᠵᠤ ᠶᠠᠪᠤᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号