︽ᠲᠠᠪᠤᠨ ᠴᠡᠴᠡᠭ ᠤᠨ ᠷᠠᠰᠢᠶᠠᠨ︾ ᠵᠠᠰᠠᠯ
ᠨᠡᠶᠢᠲᠡᠯᠡᠭᠰᠡᠨ ᠴᠠᠭ᠄
2022/12/11
     ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶ᠎ᠠ ᠨᠢ 6 ᠰᠠᠷ᠎ᠠ ᠶᠢᠨ 20 ᠤ ᠡᠳᠦᠷ ᠠᠴᠠ ᠤᠯᠠᠮᠵᠢᠯᠠᠯᠲᠤ ᠵᠠᠰᠠᠯ ︽ᠲᠠᠪᠤᠨ ᠴᠡᠴᠡᠭ ᠤᠨ ᠷᠠᠰᠢᠶᠠᠨ ᠵᠠᠰᠠᠯ︾ ᠢ ᠡᠷᠬᠢᠯᠡᠵᠥ᠂ ᠦᠷᠭᠡᠨ ᠤᠯᠠᠨ ᠲᠦᠮᠡᠨ ᠳᠤ ᠣᠭᠢ ᠰᠠᠶᠢᠨ ᠡᠮᠴᠢᠯᠡᠭᠡ ᠬᠠᠨᠭ᠍ᠭᠠᠵᠦ ᠪᠠᠶᠢᠨ᠎ᠠ᠃      ᠪᠠᠶᠠᠨᠲᠠᠯ᠎ᠠ ᠪᠠᠯᠭᠠᠰᠤᠨ ᠤ ᠪᠠᠭ᠎ᠠ ᠲᠠᠪᠤᠰᠤ ᠭᠠᠴᠠᠭᠠᠨ ᠤ ᠭᠡᠰᠢᠭᠪᠡᠶᠠᠷ ᠨᠠᠰᠣᠳᠠᠨ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ︽ᠲᠠᠪᠤᠨ ᠴᠡᠴᠡᠭ ᠤᠨ ᠷᠠᠰᠢᠶᠠᠨ︾ ᠵᠠᠰᠠᠯ ᠡᠷᠭᠢᠯᠡᠵᠦ ᠪᠠᠶᠢᠭ᠎ᠠ ᠴᠢᠮᠡᠭᠡ ᠶᠢ ᠲᠣᠭᠤᠯᠵᠦ ᠂ ᠲᠣᠰᠬᠠᠶᠢᠯᠠᠨ ᠠᠳᠡ ᠢᠷᠡᠵᠥ᠂ ︽ᠲᠠᠪᠤᠨ ᠴᠡᠴᠡᠭ ᠤᠨ ᠷᠠᠰᠢᠶᠠᠨ︾ ᠵᠠᠰᠠᠯ  ᠭᠢᠯᠭᠡᠵᠦ ᠪᠠᠶᠢᠨ᠎ᠠ᠃ ︽ᠨᠢᠳᠤᠨᠤᠨ ᠬᠤᠰᠢᠭᠤᠨ ᠤ ᠪᠠᠨ ᠲᠠᠪᠤᠨ ᠴᠡᠴᠡᠭ ᠤᠨ ᠷᠠᠰᠢᠶᠠᠨ ᠵᠠᠰᠠᠯ ᠳᠤ ᠰᠠᠭᠤᠭᠠᠳ ᠶᠡᠭᠡ ᠲᠣᠬᠢᠷᠠᠵᠤ᠂ ᠪᠡᠶ᠎ᠡ ᠶᠢᠨ ᠥᠶ᠎ᠡ ᠬᠡᠰᠢᠭᠦᠦ ᠡᠪᠡᠳᠬᠦ ᠪᠠᠨ ᠪᠤᠯᠢᠵᠤ᠂ ᠡᠨᠡ ᠵᠢᠯ ᠬᠤᠶᠠᠳᠤᠭᠠᠷ ᠤᠳᠠᠭ᠎ᠠ ᠪᠠᠨ ᠰᠠᠭᠤᠵᠤ ᠪᠠᠶᠢᠨ᠎ᠠ︾ ᠭᠡᠵᠥ ᠭᠡᠰᠢᠭᠪᠡᠶᠠᠷ ᠨᠠᠰᠤᠲᠠᠨ ᠶᠠᠷᠢᠯ᠎ᠠ᠃      ᠤᠶᠢᠯᠠᠭᠠᠭᠰᠠᠨ ᠢᠶᠠᠷ᠂ ᠡᠨᠡ ᠵᠢᠯ ᠤᠨ ︽ᠲᠠᠪᠤᠨ ᠴᠡᠴᠡᠭ ᠤᠨ ᠷᠠᠰᠢᠶᠠᠨ︾ ᠵᠠᠰᠠᠯ ᠨᠢ 8 ᠰᠠᠷ᠎ᠠ ᠶᠢᠨ 1 ᠤ ᠡᠳᠦᠷ ᠪᠣᠯᠳᠠᠯ᠎ᠠ ᠶᠠᠪᠣᠬᠳᠠᠬᠤ ᠪᠠᠷ ᠪᠠᠶᠢᠨ᠎ᠠ᠃ ︽ᠲᠠᠪᠤᠨ ᠴᠡᠴᠡᠭ ᠤᠨ ᠷᠠᠰᠢᠶᠠᠨ ᠵᠠᠰᠠᠯ︾ ᠨᠢ ᠠᠯᠲᠠᠨ ᠬᠠᠷᠠᠪᠤᠷ᠂ ᠦᠷᠭᠡᠰᠦᠲᠦ ᠠᠷᠴᠠ᠂ ᠪᠠᠯᠭᠤᠨ᠎ᠠ᠂ ᠵᠡᠭᠡᠷᠭᠡᠨ᠎ᠡ᠂ ᠠᠭᠢ ᠵᠡᠷᠭᠡ ᠲᠠᠪᠤᠨ ᠡᠮ ᠢᠶᠠᠷ ᠪᠦᠷᠢᠯᠳᠦᠵᠥ᠂ ᠭᠤᠣᠯᠳᠠᠭᠤ ᠥᠶ᠎ᠡ ᠬᠡᠰᠢᠭᠦᠦ ᠬᠥᠯ ᠨᠢᠷᠤᠭᠤᠨ ᠤ ᠡᠪᠡᠳᠴᠢᠨ᠂ ᠭᠡᠷᠦᠬᠦ ᠡᠪᠡᠳᠴᠢᠨ᠂ ᠲᠤᠯᠠᠢ ᠡᠪᠡᠳᠴᠢᠲᠡᠨ᠂ ᠰᠠᠭᠤᠳᠠᠯ ᠶᠠᠰᠤᠨ ᠤ ᠮᠡᠳᠡᠷᠡᠯ ᠡᠪᠡᠳᠬᠦ᠂ ᠥᠶ᠎ᠡ ᠭᠡᠰᠢᠭᠦᠨ ᠤ ᠮᠦᠭᠡᠷᠡᠰᠥᠵᠢᠯ᠂ ᠴᠠᠭᠠᠨ ᠰᠤᠳᠠᠯ ᠤᠨ ᠡᠪᠡᠳᠴᠢᠨ᠂ ᠳᠠᠭᠠᠷᠠᠵᠤ ᠵᠢᠩᠭᠢᠨᠡᠬᠦ ᠠᠴᠠ ᠪᠤᠯᠤᠭᠰᠠᠨ ᠬᠥᠯ ᠨᠢᠷᠤᠭᠤ ᠡᠪᠡᠳᠬᠦ᠂ ᠡᠮᠡᠭᠲᠡᠶᠢᠴᠦᠳ ᠤᠨ ᠡᠪᠡᠳᠴᠢᠨ᠂ ᠠᠷᠠᠰᠤᠨ ᠡᠪᠡᠳᠴᠢᠨ ᠵᠠᠰᠠᠬᠤ ᠳᠤ ᠣᠨᠴᠠ ᠦᠢᠯᠡᠳᠦᠯ ᠲᠠᠢ ᠪᠠᠶᠢᠳᠠᠭ  ᠃ ︽ᠵᠢᠯ ᠪᠣᠯᠭᠠᠨ ᠤ ᠹᠦ᠋ ᠠᠴᠠ ᠡᠬᠢᠯᠡᠵᠥ ᠲᠦᠴᠢᠨ ᠲᠠᠪᠤᠨ ᠬᠤᠨᠤᠭ ᠤᠨ ᠬᠤᠭᠤᠴᠠᠭ᠎ᠠ ᠲᠠᠢ ᠲᠠᠪᠤᠨ ᠴᠡᠴᠡᠭ ᠤᠨ ᠷᠠᠰᠢᠶᠠᠨ ᠵᠠᠰᠠᠯ ᠶᠠᠪᠤᠭᠳᠠᠭᠤᠯᠵᠤ᠂ ᠡᠷᠲᠡᠨ ᠳᠤ ᠬᠦᠮᠦᠰ ᠰᠤᠶᠢᠯᠠᠭ᠎ᠠ ᠠᠯᠳᠠᠬᠤ ᠠᠴᠠ ᠠᠶᠤᠵᠤ ᠡᠪᠡᠳᠴᠢᠲᠡᠨ ᠤ ᠲᠤᠭ᠎ᠠ ᠴᠦᠭᠡᠨ ᠪᠠᠶᠢᠵᠠᠢ᠃ ᠤᠳᠣ ᠠᠮᠢᠳᠤᠷᠠᠯ ᠤᠨ ᠨᠦᠬᠦᠴᠡᠯ ᠰᠠᠶᠢᠵᠢᠷᠠᠬᠤ ᠶᠢ ᠳᠠᠭᠠᠯᠳᠤᠨ ᠡᠪᠡᠳᠴᠢᠲᠡᠨ ᠤ ᠲᠤᠭ᠎ᠠ ᠵᠢᠯ ᠠᠴᠠ ᠵᠢᠯ ᠨᠡᠮᠡᠭᠳᠡᠵᠥ᠂ ᠡᠨᠡ ᠵᠢᠯ ᠠᠷᠪᠠᠭᠠᠳ ᠬᠤᠨᠤᠭ ᠲᠤᠲᠤᠷ᠎ᠠ ᠠᠷᠪᠠᠭᠠᠳ ᠡᠪᠡᠳᠴᠢᠲᠡᠨ ᠢᠷᠡᠵᠥ ᠵᠠᠰᠠᠯ ᠬᠢᠯᠭᠡᠵᠥ ᠪᠠᠶᠢᠨ᠎ᠠ︾ ᠭᠡᠵᠥ ᠭᠦᠪᠡᠭᠡᠳᠦ ᠰᠢᠷ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠲᠠᠪᠤᠨ ᠴᠡᠴᠡᠭ ᠤᠨ ᠷᠠᠰᠢᠶᠠᠨ ᠵᠠᠰᠠᠯ ᠤᠨ ᠰᠠᠯᠠᠭᠠᠨ ᠤ ᠡᠷᠬᠢᠯᠡᠭᠴᠢ ᠡᠮᠴᠢ ᠰᠤᠨᠢᠨᠴᠡᠴᠡᠭ ᠶᠠᠷᠢᠯ᠎ᠠ᠃       ᠮᠠᠨ ᠤ ᠬᠤᠰᠢᠭᠤ ᠨᠢ ︽ᠴᠡᠭᠡ ᠵᠠᠰᠠᠯ︾᠂ ︽ᠲᠠᠪᠤᠨ ᠴᠡᠴᠡᠭ ᠤᠨ ᠷᠠᠰᠢᠶᠠᠨ ᠵᠠᠰᠠᠯ︾ ᠵᠡᠷᠭᠡ ᠦᠪᠡᠷᠮᠢᠴᠡ ᠤᠨᠴᠠᠯᠢᠭᠲᠤ ᠵᠠᠰᠠᠯ ᠢ ᠵᠢᠯ ᠪᠤᠯᠭᠠᠨ ᠡᠷᠬᠢᠯᠡᠵᠥ᠂ ᠣᠯᠠᠮᠵᠢᠯᠠᠯᠳᠣ ᠵᠠᠰᠠᠯ ᠢᠶᠠᠷ ᠦᠷᠭᠡᠨ ᠣᠯᠠᠨ ᠡᠪᠡᠳᠴᠢᠲᠡᠨ ᠢ ᠡᠮᠨᠡᠨ ᠵᠠᠰᠠᠵᠦ᠂ ᠣᠯᠠᠨ ᠲᠦᠮᠡᠨ ᠳᠤ ᠪᠣᠳᠠᠳᠣ ᠠᠰᠢᠭ ᠭᠦᠷᠳᠡᠭᠡᠵᠦ  ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号