ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠢᠯ ᠳᠤ ᠬᠤᠰᠢᠭᠤᠴᠢᠯᠠᠭᠰᠠᠨ ᠵᠠᠯᠠᠭᠤ ᠦᠯᠵᠡᠶᠢᠪᠠᠭᠠᠳᠤᠷ
ᠨᠡᠶᠢᠲᠡᠯᠡᠭᠰᠡᠨ ᠴᠠᠭ᠄
2022/4/24
     ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠮᠡᠳᠡᠯᠭᠡ ᠲᠠᠢ᠂ ᠠᠯᠤᠰ ᠤᠨ ᠬᠠᠷᠠᠴᠠ ᠲᠠᠢ ᠴᠢᠳᠠᠪᠤᠷᠢᠲᠠᠨ ᠎ ᠢ ᠶᠡᠬᠡᠪᠡᠷ ᠬᠡᠷᠡᠭᠰᠡᠳᠡᠭ᠃ ᠵᠠᠯᠠᠭᠤᠴᠤᠳ ᠪᠣᠯ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠢᠯ ᠤᠨ ᠭᠤᠣᠯ ᠬᠦᠴᠦᠨ ᠪᠤᠯᠤᠨ᠎ᠠ᠃      ᠥᠯᠵᠡᠶᠢᠪᠠᠭᠠᠲᠤᠷ ᠶᠡᠭᠡ ᠰᠤᠷᠭᠠᠭᠤᠯᠢ ᠪᠠᠨ ᠲᠡᠭᠦᠰᠴᠥ᠂ ᠴᠡᠷᠢᠭ ᠠᠴᠠ ᠬᠠᠯᠠᠭᠳᠠᠭᠰᠠᠨ ᠤ ᠳᠠᠷᠠᠭ᠎ᠠ ᠬᠥᠪᠡᠭᠡᠲᠦ ᠰᠢᠷ᠎ᠠ ᠬᠤᠰᠢᠭᠤᠨ ᠳᠠᠭᠠᠨ ᠪᠤᠴᠠᠵᠤ᠂ 2020 ᠣᠨ ᠳᠤ ᠬᠤᠰᠢᠭᠤᠨ ᠳᠤ ᠪᠠᠨ ᠠᠩᠬᠠᠳᠠᠭᠴᠢ ᠡᠯᠧᠺᠲᠷᠣᠨ ᠬᠤᠳᠠᠯᠳᠤᠭᠠᠨ ᠤ ᠶᠠᠪᠤᠳᠠᠯ ᠤᠨ ᠬᠢᠵᠠᠭᠠᠷᠲᠤ ᠺᠣᠮᠫᠠᠨᠢ ᠪᠤᠯᠬᠤ ︽ᠥᠪᠥᠷ ᠮᠣᠩᠭᠤᠯ ᠤᠨ ᠰᠦᠡ ᠲᠠᠯᠠᠢ ᠡᠯᠧᠺᠲᠷᠣᠨ ᠬᠤᠳᠠᠯᠳᠤᠭᠠᠨ ᠤ ᠶᠠᠪᠤᠳᠠᠯ ᠤᠨ ᠬᠢᠵᠠᠭᠠᠷᠲᠤ ᠺᠣᠮᠫᠠᠨᠢ︾᠎ ᠶᠢ ᠡᠭᠦᠰᠭᠡᠡ ᠪᠠᠶᠢᠭᠤᠯᠵᠤ᠂ ᠭᠤᠤᠯᠳᠠᠭᠤ ᠬᠥᠪᠡᠭᠡᠲᠦ ᠰᠢᠷ᠎ᠠ ᠬᠤᠰᠢᠭᠤᠨ ᠤ ᠪᠠᠨ ᠣᠨᠴᠠᠯᠢᠭᠲᠤ ᠴᠠᠭᠠᠨ ᠢᠳᠡᠭᠡᠨ ᠢ ᠪᠤᠷᠤᠯᠠᠭᠤᠯᠪᠠ᠃ ᠦᠯᠵᠡᠶᠢᠪᠠᠭᠠᠳᠤᠷ ᠤᠨ ᠺᠣᠮᠫᠠᠨᠢ ᠨᠢ ᠲᠤᠰᠬᠠᠶ ᠮᠡᠷᠭᠡᠵᠢᠯ ᠤᠨ ᠡᠯᠧᠺᠲᠷᠣᠨ ᠬᠤᠳᠠᠯᠳᠤᠭᠠᠨ ᠤ ᠡᠵᠡᠩᠨᠡᠯᠲᠡ ᠶᠢᠨ ᠪᠦᠯᠬᠦᠮ ᠲᠠᠢ ᠪᠠᠶᠢᠵᠤ᠂ ᠲᠡᠳᠡᠨ ᠤ ᠰᠣᠶᠣᠯ ᠮᠡᠳᠡᠯᠭᠡ ᠪᠠ ᠲᠤᠰᠬᠠᠶ ᠮᠡᠷᠭᠡᠵᠢᠯ ᠤᠨ ᠤᠷ᠎ᠠ ᠴᠢᠳᠠᠪᠤᠷᠢ ᠨᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠤᠶᠤᠨ ᠤᠬᠠᠭᠠᠨ ᠎ ᠤ ᠬᠦᠴᠦᠨ ᠴᠢᠳᠠᠯ ᠪᠤᠯᠵᠠᠢ᠃      ᠥᠯᠵᠡᠶᠢᠪᠠᠭᠠᠲᠤᠷ ᠪᠣᠯᠤᠨ ᠲᠡᠭᠦᠨ ᠤ ᠬᠠᠮᠲᠦ ᠤᠯᠠᠨ ᠨᠢ ᠦᠨᠳᠦᠰᠦᠲᠡᠨ ᠤ ᠣᠨᠴᠠᠯᠢᠭᠲᠤ ᠪᠦᠳᠥᠭᠡᠭᠳᠡᠭᠦᠡ ᠳᠤ ᠨᠠᠷᠢᠯᠢᠭ  ᠤᠨᠤᠪᠴᠢᠲᠠᠢ ᠵᠠᠭᠤᠴᠢᠯᠠᠭᠤᠷ ᠤᠨ ᠵᠠᠮ ᠰᠤᠪᠠᠭ ᠬᠠᠶᠢᠵᠤ ᠥᠭᠬᠦ ᠪᠠᠷ ᠴᠢᠷᠮᠠᠶᠢᠵᠤ᠂ ︽ᠢᠨᠲ᠋ᠧᠷ ᠰᠦᠯᠵᠢᠶ᠎ᠡ + ᠤᠯᠠᠮᠵᠢᠯᠠᠯᠲᠤ ᠴᠠᠭᠠᠠ ᠢᠳᠡᠭᠡᠨ︾᠎ ᠤ ᠵᠠᠭᠪᠤᠷ ᠢᠶᠠᠷ ᠳᠡᠮᠵᠢᠨ ︽ᠰᠦᠡ ᠲᠠᠯᠠᠢ︾ ᠡᠯᠧᠺᠲᠷᠣᠨ ᠬᠤᠳᠠᠯᠳᠤᠭᠠᠨ ᠎ ᠤ ᠸᠢᠴᠠᠲ ᠤᠨ ᠲᠦᠭᠦᠮ ᠰᠤᠹᠲ ᠬᠤᠳᠠᠯᠳᠤᠭ᠎ᠠ᠂ ᠲᠢᠺ ᠲᠤᠺ᠂ ᠲᠤᠤ ᠪᠣᠣ ᠲᠠᠪᠴᠠᠩ ᠤᠨ ᠵᠢᠵᠢᠭ ᠳᠡᠯᠭᠡᠭᠦᠷ ᠢ ᠨᠡᠭᠡᠭᠡᠵᠤ ᠂ ᠬᠥᠪᠡᠭᠡᠲᠦ ᠰᠢᠷ᠎ᠠ ᠬᠤᠰᠢᠭᠤᠨ ᠤ ᠴᠠᠭᠠᠨ ᠢᠳᠡᠭᠡᠨ ᠤ ᠠᠵᠤ ᠦᠶᠯᠡᠰ ᠤᠨ ᠲᠣᠭᠤᠷᠢᠭ ᠤᠨ ᠪᠦᠲᠦᠭᠡᠭᠳᠡᠬᠦᠨ ᠢ ᠪᠡᠭᠡᠵᠢᠩ᠂ ᠱᠠᠩᠬᠠᠶ᠂ ᠭᠦᠢᠵᠸᠦ᠂ ᠰᠢᠨᠵᠢᠶᠠᠩ᠂ ᠶᠦᠨᠨᠠᠨ᠂ ᠵᠧᠵᠢᠶᠠᠩ ᠵᠡᠷᠭᠡ ᠭᠠᠵᠠᠷ ᠤᠷᠤᠠ ᠳᠤ ᠪᠣᠷᠣᠯᠠᠭᠤᠯᠵᠤ ᠪᠣᠶ᠃       ᠣᠳᠣᠬᠠᠨ ᠳᠤ ︽ᠥᠪᠥᠷ ᠮᠣᠩᠭᠤᠯ ᠤᠨ ᠰᠦᠡ ᠲᠠᠯᠠᠢ ᠡᠯᠧᠺᠲᠷᠣᠨ ᠬᠤᠳᠠᠯᠳᠤᠭᠠᠨ ᠤ ᠶᠠᠪᠤᠳᠠᠯ ᠤᠨ ᠬᠢᠵᠠᠭᠠᠷᠲᠤ ᠺᠣᠮᠫᠠᠨᠢ︾᠎ ᠎ ᠨᠢ ᠬᠥᠪᠡᠭᠡᠲᠦ ᠰᠢᠷ᠎ᠠ ᠬᠤᠰᠢᠭᠤᠨ ᠤ ᠦᠡᠳᠥᠰᠥᠳᠡᠡ ᠤ ᠤᠯᠠᠮᠵᠢᠯᠠᠯᠲᠤ ᠴᠠᠭᠠᠨ ᠢᠳᠡᠭᠡᠨ ᠤ ᠠᠵᠤ ᠦᠶᠯᠡᠰ ᠤᠨ ᠲᠤᠭᠤᠷᠢᠭ ᠲᠠᠬᠢ 20 ᠴᠠᠭᠠᠨ ᠢᠳᠡᠭᠡᠨ ᠤ ᠳᠡᠯᠭᠡᠭᠦᠷ ᠲᠠᠢ ᠬᠠᠮᠲᠤᠷᠠᠵᠤ᠂ ᠵᠠᠬᠢᠶᠠᠯᠠᠭ᠎ᠠ ᠲᠤᠰᠴᠥ ᠪᠣᠷᠣᠯᠠᠭᠤᠯᠬᠤ ᠶᠢ ᠬᠠᠷᠢᠭᠤᠴᠠᠨ᠂ ᠪᠣᠭᠤᠳᠠᠯ ᠤᠨ ᠵᠢᠷᠤᠭ ᠲᠥᠯᠥᠪᠯᠡᠭᠡ᠂ ᠴᠠᠭᠠᠨ ᠢᠳᠡᠭᠡᠨ ᠤ ᠪᠣᠭᠤᠳᠠᠯ ᠪᠠᠨᠯᠠᠭ᠎ᠠ ᠶᠢᠨ ᠤᠭᠤᠲᠠ᠂ ᠡᠯᠧᠺᠲᠷᠣᠨ ᠬᠤᠳᠠᠯᠳᠤᠭᠠᠨ ᠤ ᠲᠠᠪᠴᠠᠩ ᠤᠨ ᠪᠣᠷᠣᠯᠠᠭᠤᠯᠬᠤ ᠦᠶᠯᠡᠴᠢᠯᠡᠭᠡ ᠶᠢ ᠬᠠᠩᠭᠠᠵᠤ᠂ ︽ᠴᠠᠭᠠᠠ ᠢᠳᠡᠭᠡᠡ ᠤ ᠨᠤᠳᠤᠭ︾᠎ ᠤᠨ ᠡᠯᠧᠺᠲᠷᠣᠨ ᠲᠠᠸᠠᠷ ᠤᠨ ᠲᠡᠮᠳᠡᠭ ᠢ ᠡᠬᠦᠳᠴᠠᠢ᠃ ᠡᠭᠦᠨ ᠤ ᠬᠠᠮᠲᠤ ᠪᠠᠰᠠ ᠠᠵᠤ ᠦᠶᠯᠡᠰ ᠤᠨ ᠲᠤᠭᠤᠷᠢᠭ ᠤᠨ 10 ᠶᠠᠳᠠᠭᠤ ᠬᠦᠴᠢᠷᠳᠡᠯᠲᠡᠶ ᠡᠷᠦᠬᠡ ᠳᠤ ᠦᠨ᠎ᠡ ᠲᠥᠯᠥᠪᠦᠷᠢ ᠥᠬᠡᠶ ᠪᠠᠷ ᠰᠦᠯᠵᠢᠶᠡᠨ ᠤ ᠡᠵᠡᠩᠨᠡᠨ ᠪᠣᠷᠣᠯᠠᠭᠤᠯᠬᠤ ᠦᠶᠯᠡᠴᠢᠯᠡᠭᠡ᠂ ᠮᠡᠷᠭᠡᠵᠢᠯ ᠤᠨ ᠵᠢᠷᠤᠭ ᠲᠥᠯᠥᠪᠯᠡᠭᠡ ᠶᠢᠨ ᠦᠢᠯᠡᠴᠢᠯᠡᠭᠡ᠂ ᠲᠡᠭᠡᠭᠡᠪᠦᠷᠢ ᠶᠢᠨ  ᠦᠢᠯᠡᠴᠢᠯᠡᠭᠡ ᠬᠠᠩᠭᠠᠵᠤ᠂ 5000 ᠲᠥᠭᠦᠷᠢᠭ ᠤᠨ ᠦᠷᠳᠡᠭ ᠪᠦᠭᠦᠢ ᠴᠠᠭᠠᠨ ᠢᠳᠡᠭᠡᠨ ᠤ ᠪᠣᠭᠤᠳᠠᠯ ᠤᠨ ᠤᠭᠤᠲᠠ ᠬᠠᠨᠳᠢᠪᠯᠠᠵᠤ᠂  ᠡᠳᠡᠭᠡᠷ ᠡᠷᠦᠬᠡ ᠶᠢᠨ ᠴᠠᠭᠠᠨ ᠢᠳᠡᠭᠡᠡ ᠤ ᠪᠤᠷᠤᠯᠠᠭᠤᠯᠭ᠎ᠠ ᠶᠢ ᠰᠠᠶᠢᠵᠢᠷᠠᠭᠤᠯᠪᠠ᠃       ᠥᠯᠵᠡᠶᠢᠪᠠᠭᠠᠲᠤᠷ᠄ ︽ᠪᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠲᠥᠷᠥ ᠶᠢᠨ ᠪᠣᠳᠣᠯᠭ᠎ᠠ ᠶᠢᠨ ᠤᠷᠢᠶᠠᠯᠠᠯ ᠢᠶᠠᠷ ᠨᠠᠩ ᠣᠯᠠᠨ ᠵᠠᠯᠠᠭᠤᠴᠤᠳ ᠢ ᠳᠠᠶᠢᠴᠢᠯᠠᠨ ᠰᠢᠭᠤᠳ ᠨᠡᠪᠲᠡᠷᠡᠭᠦᠯᠭᠡ ᠪᠠᠷ ᠴᠠᠭᠠᠨ ᠢᠳᠡᠭᠡᠨ ᠪᠣᠷᠣᠯᠠᠭᠤᠯᠵᠤ᠂ ᠤᠷᠤᠠ ᠨᠤᠲᠤᠭ ᠤᠨ ᠢᠶᠠᠨ ᠬᠥᠭᠵᠢᠯᠲᠡ ᠳᠤ ᠬᠤᠪᠢ ᠨᠡᠮᠡᠷᠢ ᠦᠵᠡᠬᠦᠯᠦᠶ᠎ᠡ ᠭᠡᠵᠤ ᠪᠤᠳᠤᠵᠤ ᠪᠠᠶᠢᠨ᠎ᠠ᠃ ᠲᠠᠷᠠᠭᠠᠴᠢ ᠶᠢᠨ ᠠᠯᠬᠤᠮ ᠳᠤ᠂ ᠮᠠᠨ ᠤ ᠺᠣᠮᠫᠠᠨᠢ ᠨᠢ ᠵᠠᠯᠠᠭᠤᠴᠤᠳ ᠲᠠᠢ ᠬᠠᠮᠲᠤᠷᠠᠨ ᠠᠵᠢᠯᠯᠠᠵᠤ᠂ ᠪᠣᠷᠣᠯᠠᠭᠤᠯᠭ᠎ᠠ ᠶᠢᠨ ᠠᠷᠭ᠎ᠠ ᠵᠠᠮ ᠢᠶᠠᠨ ᠥᠷᠭᠡᠳᠬᠡᠨ᠂ ᠰᠢᠭᠤᠳ ᠨᠡᠪᠲᠡᠷᠡᠭᠦᠯᠭᠡ ᠶᠢᠨ ᠲᠠᠪᠴᠠᠩ ᠢᠶᠠᠷ ᠳᠠᠮᠵᠢᠭᠤᠯᠤᠨ ᠤᠯᠠᠮᠵᠢᠯᠠᠯᠲᠤ ᠴᠠᠭᠠᠨ ᠢᠳᠡᠭᠡᠨ ᠢ ᠪᠣᠷᠣᠯᠠᠭᠤᠯᠵᠤ᠂ ᠬᠦᠮᠦᠰ ᠲᠤ ᠮᠠᠨ ᠤ ᠬᠤᠰᠢᠭᠤᠠ ᠤ ᠪᠠᠨ ᠤᠯᠠᠮᠵᠢᠯᠠᠯᠲᠤ ᠴᠠᠭᠠᠨ ᠢᠳᠡᠭᠡᠨ ᠢ ᠲᠠᠨᠢᠭᠤᠯᠤᠨ᠎ᠠ︾ ᠭᠡᠵᠦ ᠪᠠᠶᠢᠯ᠎ᠠ᠃      ᠶᠡᠭᠡ ᠬᠤᠳᠠ ᠲᠠᠢ ᠬᠠᠷᠢᠴᠠᠭᠤᠯᠪᠠᠯ᠂ ᠬᠥᠳᠡᠭᠡ ᠲᠣᠰᠬᠤᠨ ᠤ ᠠᠮᠢᠳᠤᠷᠠᠯ ᠤᠨ ᠣᠷᠴᠢᠨ ᠲᠣᠭᠤᠷᠢᠨ ᠪᠠ ᠠᠵᠢᠯ ᠤᠨ ᠨᠥᠬᠦᠴᠡᠯ ᠠᠨᠠᠢ ᠨᠢ ᠮᠡᠳᠡᠭᠡᠵᠢ᠃ ᠥᠯᠵᠡᠶᠢᠪᠠᠭᠠᠲᠤᠷ ᠡᠬᠡ ᠨᠤᠲᠤᠭ ᠲᠠᠭᠠᠨ ᠦᠨᠳᠦᠰᠦᠯᠡᠬᠦ ᠰᠣᠩᠭᠤᠯᠲᠠ ᠬᠢᠵᠦ᠂ ᠰᠤᠷᠤᠠᠠᠰᠠᠠ ᠮᠡᠳᠡᠯᠭᠡ ᠮᠡᠷᠭᠡᠵᠢᠯ ᠢᠶᠠᠷ ᠢᠶᠠᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠢᠯ ᠳᠤ ᠬᠦᠴᠦᠨ ᠴᠢᠳᠠᠯ ᠢᠶᠠᠨ ᠡᠷᠭᠦᠵᠦ᠂ 2021 ᠣᠨ ᠤ ᠪᠥᠬᠦ ᠠᠶᠢᠮᠠᠭ ᠤᠨ ︽ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠠᠯᠠᠭᠤᠴᠤᠳ ᠤᠨ ᠬᠤᠰᠢᠭᠤᠴᠢ︾᠎ ᠶᠢᠨ ᠢᠷᠠᠭᠤ ᠠᠯᠳᠠᠷ ᠢ ᠭᠦᠷᠳᠡᠵᠤ᠂ ᠪᠠᠰᠠ ᠰᠢᠯᠢᠳᠡᠭ ᠭᠠᠯ ᠤᠨᠲᠠᠷᠠᠭᠠᠭᠴᠢ᠂ ᠠᠶᠢᠮᠠᠭ ᠤᠨ ︽ᠰᠢᠯᠢ ᠶᠢᠨ ᠭᠤᠤᠯ ᠬᠤᠨᠳᠠᠭᠠᠲᠤ︾ ᠦᠶᠯᠡᠰ ᠪᠦᠳᠥᠭᠡᠭᠦ ᠤᠷᠤᠯᠳᠤᠭᠠᠨ ᠤ ᠰᠢᠯᠢᠳᠡᠭ ᠲᠡᠰ ᠤᠨ ᠱᠠᠩᠨᠠᠯ᠂ ᠠᠶᠢᠮᠠᠭ ᠤᠨ ᠰᠦᠯᠵᠢᠶᠡᠨ ᠤᠳᠤᠤᠠ ᠤᠨ ᠤᠷᠤᠯᠳᠤᠭᠠᠨ ᠤ ᠰᠢᠨ᠎ᠡ ᠣᠳᠣᠨ ᠱᠠᠩᠨᠠᠯ᠂ ᠬᠥᠪᠡᠭᠡᠲᠦ ᠰᠢᠷ᠎ᠠ ᠬᠤᠰᠢᠭᠤᠨ ᠤ ︽ᠬᠠᠮᠤᠭ ᠭᠤᠶᠣ ᠬᠠᠯᠬᠠᠳ᠋ᠬᠠᠰᠠᠠ ᠴᠡᠷᠢᠭ ︾ ᠵᠡᠷᠭᠡ ᠤᠯᠠᠨ ᠰᠠᠶᠢᠬᠠᠨ ᠢᠷᠠᠭᠤ ᠠᠯᠳᠡᠷ ᠢ ᠬᠦᠷᠲᠡᠭᠰᠡᠨ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号