ᠦᠨᠳᠦᠰᠦᠲᠡᠨ ᠤ ᠪᠦᠯᠬᠦᠮᠳᠡᠯ ᠤᠨ ᠵᠢᠱᠢᠶᠡᠴᠢ ᠦ᠋ ᠶᠢᠨ ᠯᠢᠨ
ᠨᠡᠶᠢᠲᠡᠯᠡᠭᠰᠡᠨ ᠴᠠᠭ᠄
2022/5/23
      ᠪᠠᠶᠠᠨᠲᠠᠯ᠎ᠠ ᠪᠠᠯᠭᠠᠰᠤᠨ ᠤ ᠣᠯᠠᠭᠠᠨᠲᠤᠭ ᠭᠠᠴᠠᠭᠠᠨ ᠤ ᠮᠠᠯᠴᠢᠨ ᠦ᠋ ᠶᠢᠨ ᠯᠢᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠢᠯᠡᠰ ᠲᠤ ᠬᠠᠷᠢᠭᠤᠴᠠᠯᠭᠠᠲᠤ ᠣᠪᠣᠷ ᠢᠶᠠᠷ ᠬᠠᠨᠳᠤᠵᠤ᠂ ᠪᠣᠳᠠᠲᠤ ᠠᠵᠢᠯᠯᠠᠭ᠎ᠠ ᠪᠠᠷ ᠢᠶᠠᠨ ᠦᠨᠳᠦᠰᠦᠲᠡᠨ ᠤ ᠪᠦᠯᠬᠦᠮᠳᠡᠯ ᠤᠨ ᠬᠠᠭᠤᠳᠠᠰᠤ ᠶᠢ ᠪᠢᠴᠢᠭᠯᠡᠵᠥ ᠶᠠᠪᠣᠨ᠎ᠠ᠃       ᠡᠦ ᠶᠢᠨ ᠯᠢᠩ ᠤᠨ ᠬᠢᠨ ᠵᠠᠭᠤ ᠭᠠᠷᠣᠢ ᠴᠠᠬᠠᠷ ᠬᠤᠨᠢ᠂ ᠬᠤᠷᠢ ᠰᠢᠬᠠᠮ ᠰᠢᠮᠧᠨᠧᠲᠷ ᠦᠭᠡᠷ ᠮᠠᠯᠵᠢᠵᠦ ᠪᠠᠶᠢᠭ᠎ᠠ ᠲᠦᠪᠭᠢᠨᠡᠭᠦᠨ ᠠᠮᠢᠳᠣᠷᠠᠯ ᠲᠠᠢ ᠠᠶᠢᠯ ᠪᠢᠯᠡ᠃ ᠡᠦ ᠶᠢᠨ ᠯᠢᠨ ᠬᠢᠲᠠᠳ ᠦᠨᠳᠦᠰᠦᠲᠡᠨ᠂ ᠲᠡᠭᠦᠨ ᠤ ᠡᠬᠡᠨᠡᠷ ᠨᠢ ᠮᠣᠩᠭᠤᠯ ᠦᠨᠳᠦᠰᠦᠲᠡᠨ᠃ ᠲᠡᠷᠡ ᠬᠤᠶᠠᠷ ᠬᠠᠨᠢ ᠶᠢᠨ ᠵᠠᠶᠠᠭ᠎ᠠ ᠬᠤᠯᠪᠣᠵᠦ᠂ ᠠᠵᠤ ᠠᠮᠢᠳᠣᠷᠠᠯ ᠢᠶᠠᠨ ᠪᠣᠰᠬᠠᠬᠰᠠᠨ ᠠᠴᠠ ᠦᠨᠦ ᠪᠤᠯᠲᠠᠯ᠎ᠠ ᠠᠶᠢᠯ ᠭᠡᠷ ᠨᠢ ᠡᠶ᠎ᠡ ᠡᠪᠲᠡᠢ᠂ ᠦᠷ᠎ᠡ ᠬᠡᠥᠬᠡᠳ ᠨᠢ ᠠᠴᠢᠯᠠᠯ ᠲᠠᠢ ᠪᠠᠶᠢᠵᠤ᠂ ᠤᠶᠢᠷ᠎ᠠ ᠬᠠᠪᠢ ᠶᠢᠨ ᠬᠦᠮᠦᠰ ᠤᠨ ᠢᠶᠠᠨ ᠮᠠᠭᠲᠠᠭᠠᠯ ᠰᠠᠶᠢᠰᠢᠶᠠᠯ ᠢ ᠤᠯᠤᠭᠰᠠᠭᠠᠷ ᠢᠷᠡᠵᠠᠢ᠃ ᠡᠨᠡ ᠳᠤᠬᠠᠢ ᠦ᠋ ᠶᠢᠨ ᠯᠢᠨ ᠤᠨ ᠪᠦᠰᠡᠭᠦᠢ ᠪᠠᠢ ᠶᠤᠸᠠᠢ ᠧ ᠰᠤᠷᠪᠤᠯᠵᠢᠯᠠᠭᠴᠢ ᠳᠤ ︽ᠮᠠᠨ ᠤ ᠬᠤᠶᠠᠷ ᠠᠶᠢᠯ ᠭᠡᠷ ᠪᠣᠰᠬᠠᠬᠰᠠᠨ ᠠᠴᠠ ᠠᠪᠣᠭᠠᠳ ᠭᠡᠦᠭᠡᠳ ᠤᠨ ᠰᠣᠷᠭᠠᠨ ᠭᠦᠮᠦᠵᠢᠯ᠂ ᠠᠮᠢᠳᠣᠷᠠᠯ ᠤᠨ ᠳᠠᠳᠬᠠᠯ ᠵᠡᠷᠭᠡ ᠡᠯ᠎ᠡ ᠲᠠᠯ᠎ᠠ ᠪᠠᠷ ᠰᠡᠳᠭᠢᠯ ᠰᠠᠨᠠᠭ᠎ᠠ ᠨᠢᠭᠡᠳᠴᠦ᠂ ᠵᠦᠷᠢᠴᠡᠯ ᠮᠠᠷᠭᠤᠭᠠᠨ ᠡᠭᠦᠰᠳᠡᠭ ᠦᠭᠡᠢ᠂ ᠡᠩ ᠤᠨ ᠦᠶ᠎ᠡ ᠳᠤ ᠴᠣ᠋ ᠰᠠᠳᠣᠨ ᠲᠦᠷᠦᠯ ᠨᠠᠶᠢᠵᠠ ᠨᠦᠭᠦᠳ ᠬᠠᠪᠰᠤᠷᠤᠯᠭ᠎ᠠ ᠴᠢᠬᠤᠯᠠ ᠲᠠᠢ ᠪᠤᠯ ᠴᠢᠳᠠᠬᠤ ᠶᠢᠨ ᠴᠢᠨᠡᠭᠡ ᠪᠠᠷ ᠢᠶᠠᠨ ᠬᠠᠪᠰᠣᠷᠳᠠᠭ ᠭᠡᠵᠦ ᠶᠠᠷᠢᠯ᠎ᠠ᠃       ᠡᠭᠡᠯ ᠵᠢᠷ ᠤᠨ ᠨᠢᠭᠡᠨ ᠮᠠᠯᠴᠢᠨ ᠤ ᠭᠡᠷ ᠲᠤ ᠲᠦᠷᠥᠵᠥ ᠦᠰᠦᠭᠰᠡᠨ ᠡᠦ ᠶᠢᠨ ᠯᠢᠨ ᠬᠠᠷᠠᠬᠠᠨ ᠪᠠᠭ᠎ᠠ ᠠᠴᠠ ᠪᠠᠨ ᠨᠤᠲᠤᠭ ᠤᠰᠣ᠂ ᠠᠶᠢᠯ ᠰᠠᠬᠠᠭᠠᠯᠲᠠ ᠳᠤ ᠪᠠᠨ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠠᠶᠢᠵᠤ᠂ ᠭᠠᠴᠠᠭᠠᠨ ᠤ ᠪᠠᠨ ᠮᠠᠯ ᠤᠨ ᠡᠮᠴᠢ ᠪᠠᠷ ᠠᠵᠢᠯᠯᠠᠵᠤ᠂ ᠡᠳᠦᠷ ᠲᠤᠳᠤᠮ ᠤᠨ ᠠᠮᠢᠳᠤᠷᠠᠯ ᠳᠤᠮᠳᠠ ᠪᠠᠨ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠣᠯᠭᠠᠵᠤ᠂ ᠠᠶᠢᠯ ᠰᠠᠬᠠᠭᠠᠯᠲᠠ ᠲᠠᠢ ᠪᠠᠨ ᠠᠮᠢᠳᠤᠷᠠᠯ ᠤᠨ ᠲᠤᠷᠰᠢᠯᠭ᠎ᠠ᠂ ᠣᠷᠣᠯᠭ᠎ᠠ ᠪᠠᠨ ᠨᠡᠮᠡᠭᠳᠡᠭᠦᠯᠬᠦ ᠠᠷᠭ᠎ᠠ ᠪᠣᠳᠤᠯᠭ᠎ᠠ ᠶᠢ ᠰᠤᠯᠢᠯᠴᠠᠵᠤ᠂ ︽ᠭᠢᠲᠠᠳ ᠮᠤᠩᠭᠤᠯ ᠦᠨᠳᠦᠰᠦᠳᠡᠨ ᠭᠡᠵᠦ ᠢᠯᠭᠠᠯ ᠦᠭᠡᠢ ᠪᠦᠷ ᠰᠠᠶᠢᠨ ᠨᠠᠶᠢᠵᠠ︾ ᠭᠡᠰᠡᠨ ᠪᠣᠳᠤᠯ ᠢᠶᠠᠷ ᠠᠶᠢᠯ ᠰᠠᠬᠠᠭᠠᠯᠲᠠ ᠶᠢᠨ ᠬᠢᠨᠢ ᠭᠦᠮᠦᠰ ᠬᠦᠴᠢᠷᠳᠡᠯ ᠳᠤ ᠲᠣᠯᠭᠠᠷᠠᠪᠠᠯ ᠬᠠᠷᠠᠮ ᠦᠭᠡᠢ ᠪᠠᠷ ᠬᠠᠪᠰᠤᠷᠴᠤ᠂ ᠣᠯᠠᠭᠠᠨᠲᠤᠭ ᠭᠠᠴᠠᠭᠠᠨ ᠤ ᠬᠠᠷᠢᠯᠴᠠᠨ ᠪᠦᠯᠬᠦᠮᠳᠡᠯ ᠲᠠᠢ ᠪᠠᠶᠢᠬᠤ ᠦᠨᠳᠦᠰᠦᠳᠡᠨ ᠤ ᠪᠦᠯᠭᠦᠮᠳᠡᠯ ᠳᠠᠪᠰᠢᠯᠳᠠ ᠶᠢᠨ ᠰᠠᠶᠢᠨ ᠰᠠᠶᠢᠬᠠᠨ ᠠᠭᠤᠷ ᠠᠮᠢᠰᠬᠤᠯ ᠢ ᠪᠣᠢ ᠪᠣᠯᠭᠠᠵᠠᠢ᠃       ᠣᠯᠠᠭᠠᠨᠲᠤᠭ ᠭᠠᠴᠠᠭᠠᠨ ᠤ ᠮᠠᠯᠴᠢᠨ ᠴᠢᠮᠡᠭ ︽ᠮᠠᠨ ᠤ ᠭᠠᠴᠠᠭᠠᠨ ᠤ ᠦ᠋ ᠶᠢᠨ ᠯᠢᠨ ᠨᠦᠬᠦᠷ ᠪᠣᠯ ᠪᠤᠰᠤᠳ ᠲᠤ ᠬᠦᠷᠢᠶᠡᠯᠡᠯ ᠲᠠᠢ᠂ ᠪᠤᠰᠤᠳ ᠬᠦᠮᠦᠨ ᠳᠤ ᠬᠠᠪᠰᠤᠷᠤᠯᠭ᠎ᠠ ᠬᠡᠷᠡᠭᠲᠠᠢ ᠦᠶ᠎ᠡ ᠳᠤ ᠲᠡᠷᠡ ᠶᠡᠷᠤ ᠠᠴᠠ ᠦᠭᠡᠢ ᠭᠡᠵᠥ ᠬᠡᠯᠡᠳᠡᠭ ᠦᠭᠡᠢ᠃ ᠮᠠᠯ ᠤᠨ ᠡᠮᠴᠢ ᠶᠢᠨ ᠲᠣᠰᠬᠠᠢ ᠮᠡᠷᠭᠡᠵᠢᠯ ᠤᠨ ᠴᠢᠳᠠᠪᠤᠷᠢ ᠨᠢ ᠴᠤ ᠦᠨᠳᠦᠷ ᠪᠠᠶᠢᠵᠤ᠂ ᠡᠨᠡ ᠵᠢᠯ ᠮᠠᠨ ᠤ ᠬᠤᠶᠠᠷ ᠦᠨᠢᠶ᠎ᠡ ᠲᠤᠭᠤᠯᠯᠠᠬᠤ ᠳᠤ ᠬᠦᠴᠢᠷᠳᠡᠭᠰᠡᠨ ᠳᠤ ᠡᠦ ᠶᠢᠨ ᠯᠢᠨ ᠰᠦᠨᠢ ᠣᠷᠤᠢ ᠭᠡᠵᠤ ᠲᠦᠪᠡᠭᠰᠢᠶᠡᠯ ᠦᠭᠡᠢ ᠢᠷᠡᠵᠤ ᠬᠠᠪᠰᠤᠷᠤᠭᠰᠠᠨ︔ ᠪᠢᠳᠡ ᠬᠠᠪᠤᠷ ᠲᠤ ᠪᠠᠨ ᠡᠪᠡᠰᠦ ᠪᠤᠷᠳᠤᠭ᠎ᠠ ᠬᠦᠷᠬᠦ ᠦᠭᠡᠢ ᠪᠠᠶᠢᠳᠠᠯ ᠭᠠᠷᠪᠠᠯ ᠲᠡᠷᠡ ᠪᠠᠰᠠ ᠬᠠᠷᠠᠮ ᠦᠭᠡᠢ ᠪᠠᠷ ᠪᠢᠳᠡᠨ ᠳᠤ ᠡᠪᠡᠰᠦ ᠪᠤᠷᠳᠤᠭ᠎ᠠ ᠵᠢᠭᠡᠯᠡᠭᠦᠯᠵᠥ᠂ ᠬᠠᠪᠤᠷ ᠤᠨ ᠬᠦᠴᠢᠷ ᠢ ᠬᠠᠮᠲᠦ ᠪᠠᠷ ᠲᠤᠭᠤᠯᠳᠠᠭ︾ ᠭᠡᠵᠤ ᠶᠠᠷᠢᠯ᠎ᠠ᠃       ᠡᠦ ᠶᠢᠨ ᠯᠢᠨ 2000 ᠣᠨ ᠳᠤ ᠭᠠᠴᠠᠭᠠᠨ ᠤ ᠢᠶᠠᠨ ᠮᠠᠯ ᠤᠨ ᠡᠮᠴᠢ ᠶᠢᠨ ᠲᠣᠰᠢᠶᠠᠯ ᠢ ᠬᠠᠷᠢᠭᠤᠴᠠᠬᠰᠠᠨ ᠠᠴᠠ ᠨᠠᠰᠢ᠂ 20 ᠭᠠᠷᠣᠢ ᠵᠢᠯ ᠤᠨ ᠲᠤᠷᠰᠢ᠂ ᠤᠶᠢᠷ᠎ᠠ ᠬᠠᠪᠢ ᠶᠢᠨ 30 ᠭᠠᠷᠤᠶ ᠬᠤᠲᠠ ᠣᠰᠣ ᠠᠶᠢᠯ ᠡᠷᠦᠭᠡ ᠪᠠᠷ ᠲᠤᠭᠤᠷᠢᠨ 200 ᠭᠠᠷᠤᠶ ᠮᠠᠯᠴᠢᠨ ᠡᠷᠦᠬᠡ ᠳᠤ ᠮᠠᠯ ᠤᠨ ᠡᠮᠴᠢᠯᠡᠭᠡ ᠬᠠᠨᠭ᠍ᠭᠠᠬᠰᠠᠨ ᠢᠶᠠᠷ ︽ᠨᠢᠭᠡ ᠰᠡᠳᠬᠢᠯ ᠢᠶᠠᠷ ᠠᠷᠠᠳ ᠤᠨ ᠲᠥᠯᠥᠭᠡ ᠵᠢᠳᠬᠦᠳᠡᠭ ᠰᠠᠶᠢᠨ ᠮᠠᠯ ᠤᠨ ᠡᠮᠴᠢ︾ ᠭᠡᠰᠡᠨ ᠰᠠᠶᠢᠬᠠᠨ ᠦᠨᠡᠯᠡᠯᠳᠡ ᠶᠢ ᠣᠯᠵᠠᠢ᠃       ᠡᠦ ᠶᠢᠨ ᠯᠢᠨ ᠤᠨ ᠴᠠᠶᠢᠯᠭᠠᠨ ᠲᠣᠰᠠᠷᠬᠠᠭ ᠵᠠᠩ ᠠᠭᠠᠯᠢ᠂ ᠬᠠᠷᠢᠭᠤᠴᠠᠭᠠᠯᠳᠣ ᠣᠪᠣᠷ ᠨᠢ ᠪᠤᠰᠤᠳ ᠤᠨ ᠭᠦᠨᠳᠦᠳᠭᠡᠯ ᠪᠢᠰᠢᠷᠡᠯ ᠢ ᠣᠯᠵᠦ᠂ ᠣᠷᠢᠳ ᠬᠤᠵᠢᠳ ᠪᠦᠭᠦ ᠬᠤᠰᠢᠭᠤᠨ ᠤ ︽ᠴᠠᠬᠠᠷ ᠬᠤᠨᠢᠨ︾᠎ ᠤ ᠡᠭᠦᠯᠳᠡᠷ ᠰᠠᠶᠢᠵᠢᠷᠠᠭᠤᠯᠬᠤ ᠠᠵᠢᠯ ᠤᠨ ᠲᠡᠷᠢᠭᠦᠨ ᠤ ᠬᠤᠪᠢ ᠭᠦᠮᠦᠨ᠂ ︽ᠦᠭᠡᠷ ᠤᠨ ᠢᠴᠡᠭᠡᠯ ᠦᠷ᠎ᠡ ᠶᠢᠨ ᠭᠡᠭᠡᠯᠳᠦᠯᠭᠡ︾᠎ ᠶᠢᠨ ᠠᠵᠢᠯ ᠤᠨ ᠲᠡᠷᠢᠭᠦᠨ ᠤ ᠬᠤᠪᠢ ᠭᠦᠮᠦᠨ ᠵᠡᠷᠭᠡ ᠢᠷᠠᠭᠤ ᠠᠯᠳᠠᠷ ᠢᠶᠠᠷ ᠮᠢᠯᠢᠶᠠᠯᠭᠠᠭᠰᠠᠨ ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号