ᠰᠢᠨᠡᠪᠤᠯᠠᠭ ᠪᠠᠯᠭᠠᠰᠤᠨ ᠤ ᠲᠠᠮᠢᠷ ᠬᠤᠳᠠᠯᠳᠤᠭᠠᠨ ᠤ ᠵᠠᠬ᠎ᠠ ᠳᠠᠬᠢ ︽ᠳᠤᠯᠠᠭᠠᠨ ᠭᠡᠷ︾ ᠱᠠᠭᠠᠵᠠᠩ ᠰᠠᠪᠠ | ᠬᠡᠷᠡᠭᠰᠡᠯ ᠤᠨ ᠳᠡᠯᠭᠡᠭᠦᠷ ᠤᠨ ᠪᠠᠷᠠᠭ᠎ᠠ ᠲᠠᠸᠠᠷ ᠨᠢ ᠦᠪᠡᠷ ᠤᠨ ᠭᠡᠰᠡᠨ ᠦᠪᠡᠷᠮᠢᠴᠡ ᠤᠨᠴᠠᠯᠢᠭ ᠢᠶᠠᠷ ᠢᠶᠠᠨ ᠵᠠᠬ᠎ᠠ ᠳᠡᠯᠭᠡᠭᠦᠷ | ᠲᠤ ᠮᠡᠳᠡᠷᠡᠭᠳᠡᠵᠦ᠂ ᠦᠷᠭᠡᠨ ᠢᠶᠠᠷ ᠪᠤᠷᠤᠯᠠᠭᠤᠯᠤᠭᠳᠠᠨ᠂ ᠬᠡᠷᠡᠭᠯᠡᠭᠴᠢᠳ ᠤᠨ ᠲᠠᠭᠠᠰᠢᠶᠠᠯ ᠢ ᠤᠯᠵᠤ ᠪᠠᠶᠢᠨ᠎ᠠ᠃ | ᠲᠤᠰ ᠳᠡᠯᠭᠡᠭᠦᠷ ᠤᠨ ᠡᠵᠡᠨᠲᠡᠨ ᠪᠤᠯ ᠬᠦᠪᠡᠭᠡᠲᠦ ᠰᠢᠷ᠎ᠠ ᠬᠤᠰᠢᠭᠤᠨ ᠤ ᠤᠩᠭᠤᠨ ᠠᠭᠤᠯᠠ ᠰᠤᠮᠤᠨ ᠤ | ᠪᠤᠩᠬᠤᠨ ᠭᠤᠤᠯ ᠭᠠᠴᠠᠭ᠎ᠠ ᠪᠠᠷ ᠨᠤᠲᠤᠭᠲᠠᠢ ᠬᠠᠰᠭᠤᠸ᠎ᠠ ᠪᠤᠯᠤᠨ᠎ᠠ᠃ ᠲᠡᠷᠡ 2019 ᠤᠨ ᠳᠤ ᠲᠠᠪᠢᠭᠠᠳ ᠳᠡᠭᠰᠢ | ᠳᠦᠷᠪᠡᠯᠵᠢᠨ ᠮᠧᠲᠷ ᠤᠨ ᠵᠡᠭᠡᠯᠢ ᠶᠢᠨ ᠠᠰᠠᠷ ᠳᠦᠷᠢᠶᠡᠰᠦᠯᠡᠵᠦ ︽ᠳᠤᠯᠠᠭᠠᠨ ᠭᠡᠷ︾ ᠱᠠᠭᠠᠵᠠᠩ ᠰᠠᠪᠠ ᠬᠡᠷᠡᠭᠰᠡᠯ ᠤᠨ | ᠳᠡᠯᠭᠡᠭᠦᠷ ᠢᠶᠠᠨ ᠨᠡᠭᠡᠭᠡᠵᠠᠢ᠃ | ᠬᠠᠰᠭᠤᠸ᠎ᠠ᠄ ︽ᠪᠢ ᠲᠤᠰ ᠳᠡᠯᠭᠡᠭᠦᠷ ᠢᠶᠠᠨ ᠨᠡᠭᠡᠭᠡᠳ 3 ᠵᠢᠯ ᠤᠨ ᠨᠢᠭᠤᠷ ᠢ ᠦᠵᠡᠵᠦ ᠪᠠᠶᠢᠨ᠎ᠠ︔ ᠪᠢ ᠦᠪᠡᠷ | ᠢᠶᠠᠨ ᠱᠠᠭᠠᠵᠠᠩ ᠰᠠᠪᠠ ᠳᠤ ᠪᠠᠭ᠋ᠠᠲᠠᠢ᠂ ᠲᠤᠤᠷ ᠰᠦᠯᠵᠢᠶᠡᠨ ᠳᠡᠭᠡᠷ᠎ᠡ ᠠᠴᠠ ᠴᠦ ᠦᠷᠭᠦᠯᠵᠢ ᠱᠠᠭᠠᠵᠠᠩ ᠰᠠᠪᠠ ᠶᠢᠨ ᠵᠦᠢᠯ ᠢ | ᠬᠤᠳᠠᠯᠳᠤᠨ ᠠᠪᠳᠠᠭ︔ ᠲᠤᠬᠠᠢ ᠶᠢᠨ ᠦᠶ᠎ᠡ ᠳᠤ ᠮᠠᠨ ᠤ ᠬᠤᠰᠢᠭᠤᠨ ᠳᠤ ᠱᠠᠭᠠᠵᠠᠩ ᠰᠠᠪᠠ ᠶᠢᠨ ᠳᠡᠯᠭᠡᠭᠦᠷ ᠴᠦᠬᠡᠨ᠂ | ᠲᠦᠷᠦᠯ ᠵᠦᠢᠯ ᠴᠦᠬᠡᠨ᠂ ᠰᠤᠩᠭᠤᠯᠲᠠ ᠶᠢᠨ ᠬᠦᠷᠢᠶ᠎ᠡ ᠬᠡᠪᠴᠢᠶ᠎ᠡ ᠢᠪᠴᠤᠤ ᠠᠴᠠ ᠲᠤᠰ ᠳᠡᠯᠭᠡᠭᠦᠷ ᠢᠶᠠᠨ ᠨᠡᠭᠡᠭᠡᠵᠠᠢ︾ | ᠭᠡᠵᠦ ᠪᠠᠶᠢᠯ᠎ᠠ᠃ | ᠬᠠᠰᠭᠤᠸ᠎ᠠ ᠪᠤᠰᠤᠳ ᠬᠤᠳᠠᠯᠳᠤᠭ᠎ᠠ ᠳᠡᠯᠭᠡᠭᠦᠷ ᠠᠴᠠ ᠤᠨᠴᠠᠯᠢᠭ ᠲᠠᠢ ᠮᠦᠷᠲᠡᠭᠡᠨ ᠬᠦᠮᠦᠰ ᠤᠨ ᠡᠳᠦᠷ ᠲᠤᠲᠤᠮ | ᠤᠨ ᠠᠮᠢᠳᠤᠷᠠᠯ ᠳᠤ ᠱᠠᠭᠠᠷᠳᠠᠭᠳᠠᠵᠤ ᠪᠠᠶᠢᠬᠤ ᠰᠢᠨ᠎ᠡ ᠰᠡᠪᠡᠭᠦᠨ ᠵᠦᠢᠯ ᠢ ᠰᠡᠳᠦᠨ᠂ ᠬᠡᠷᠡᠭᠯᠡᠭᠴᠢᠳ ᠤᠨ ᠱᠠᠭᠠᠷᠳᠠᠯᠭ᠎ᠠ ᠶᠢ | ᠦᠨᠳᠦᠰᠦᠯᠡᠨ ᠪᠠᠷᠠᠭ᠎ᠠ ᠪᠠᠨ ᠤᠯᠠᠮ ᠨᠢᠭᠡ ᠠᠯᠬᠤᠮ ᠰᠢᠨᠠᠴᠢᠯᠡᠨ ᠰᠢᠯᠢᠳᠡᠭᠵᠢᠭᠦᠯᠵᠦ᠂ ᠰᠢᠨ᠎ᠠ ᠴᠠᠭ ᠦᠶ᠎ᠠ ᠶᠢᠨ ᠠᠯᠬᠤᠭ᠎ᠠ | ᠲᠠᠢ ᠵᠤᠬᠢᠴᠠᠭᠤᠯᠤᠨ᠂ ᠰᠢᠨ᠎ᠡ ᠮᠠᠶ᠋ᠢᠭ ᠤᠨ ᠪᠤᠷᠤᠯᠠᠭᠤᠯᠭ᠎ᠠ ᠶᠢᠨ ᠬᠡᠪ ᠵᠠᠭᠪᠤᠷ ᠢ ᠡᠬᠦᠳᠴᠦ᠂ ᠤᠯᠠᠨ ᠵᠦᠢᠯ ᠤᠨ ᠬᠡ | ᠤᠭᠠᠯᠵᠠ᠂ ᠵᠢᠷᠤᠭ ᠲᠦᠷᠰᠦ ᠲᠠᠢ᠂ ᠬᠢᠴᠡ ᠨᠢ ᠨᠠᠷᠢᠯᠢᠭ ᠮᠦᠷᠲᠡᠭᠡᠨ ᠪᠤᠳᠤᠭ ᠰᠢᠷᠳᠡᠯᠲᠡ ᠨᠢ ᠭᠤᠶᠤᠮᠰᠤᠭ ᠱᠠᠭᠠᠵᠠᠩ | ᠠᠶᠠᠭ᠎ᠠ᠂ ᠫᠢᠯᠠ᠂ ᠴᠤᠮᠤ ᠵᠡᠷᠭᠡ ᠡᠳ᠋ᠯᠡᠯ ᠬᠡᠷᠡᠭᠰᠡᠯ ᠪᠠ ᠦᠨᠳᠦᠰᠦᠲᠡᠨ ᠤ ᠤᠨᠴᠠᠯᠢᠭᠲᠤ ᠭᠠᠷ ᠤᠷᠠᠯᠠᠯ ᠤᠨ ᠪᠦᠲᠦᠭᠡᠭᠳᠡᠭᠦᠨ | ᠢ ᠤᠷᠤᠭᠤᠯᠵᠤ ᠪᠤᠷᠤᠯᠠᠭᠤᠯᠵᠠᠢ᠃ | ᠬᠠᠰᠭᠤᠸ᠎ᠠ᠄ ︽ᠠᠶᠠᠭ᠎ᠠ ᠰᠠᠪᠠ ᠡᠪᠯᠢᠭ ᠰᠠᠶᠢᠬᠠᠨ ᠪᠤᠯ ᠬᠤᠭᠤᠯᠠ ᠬᠢᠬᠦ ᠤᠷᠮ᠎ᠠ ᠲᠠᠢ ᠮᠦᠷᠲᠡᠭᠡᠨ ᠢᠳᠡᠬᠦ | ᠳᠤᠷᠠᠰᠢᠯ ᠢᠶᠠᠷ ᠦᠨᠳᠦᠷ ᠪᠠᠶᠢᠵᠤ᠂ ᠭᠡᠷ ᠪᠦᠯᠢ ᠳᠤ ᠬᠠᠯᠠᠭᠤᠨ ᠳᠤᠯᠠᠭᠠᠨ ᠠᠭᠤᠷ ᠠᠮᠢᠰᠬᠤᠯ ᠢ ᠲᠦᠷᠦᠭᠳᠡᠭᠦᠯᠳᠡᠭ᠂ | ᠲᠡᠶᠢᠮᠦ ᠤᠴᠢᠷ ᠠᠴᠠ ︿ᠳᠤᠯᠠᠭᠠᠨ ᠭᠡᠷ﹀ ᠭᠡᠰᠡᠨ ᠨᠡᠷ᠎ᠡ ᠶᠢ ᠠᠪᠤᠭᠰᠠᠨ ᠪᠠᠶᠢᠨ᠎ᠠ︾ ᠭᠡᠵᠦ ᠪᠠᠶᠢᠯ᠎ᠠ᠃ | ᠬᠠᠰᠭᠤᠸ᠎ᠠ ᠪᠦᠲᠦᠭᠡᠭᠳᠡᠭᠦᠨ ᠢᠶᠠᠨ ᠨᠡᠩ ᠤᠯᠠᠨ ᠬᠦᠮᠦᠨ ᠳᠤ ᠲᠠᠨᠢᠭᠤᠯᠬᠤ ᠵᠤᠷᠢᠯᠭ᠎ᠠ ᠪᠠᠷ ᠡᠳᠦᠷ ᠳᠤᠳᠤᠮ ᠤᠨ | ᠡᠵᠡᠩᠨᠡᠯᠲᠡ ᠳᠤᠮᠳᠠ ᠪᠠᠨ ᠬᠡᠷᠡᠭᠯᠡᠭᠴᠢ ᠳᠤ ᠪᠠᠨ ᠨᠢᠮᠪᠠᠢ ᠤᠬᠠᠭᠤᠯᠵᠤ ᠲᠠᠨᠢᠯᠴᠠᠭᠤᠯᠬᠤ ᠶᠢᠨ ᠬᠠᠮᠲᠤ ᠸᠢᠴᠠᠲ ᠬᠤᠯᠪᠤᠭ᠎ᠠ | ᠶᠢ ᠲᠤᠬᠢᠯᠢᠭ ᠠᠰᠢᠭᠯᠠᠭᠰᠠᠨ ᠢᠶᠠᠷ ᠪᠠᠷᠠᠭ᠎ᠠ ᠲᠠᠸᠠᠷ ᠨᠢ ᠤᠶᠢᠷ᠎ᠠ ᠵᠡᠷᠭᠡᠯᠡᠳᠡᠭᠡ ᠬᠤᠰᠢᠭᠤ ᠰᠢᠶᠠᠨ ᠢᠶᠠᠷ ᠪᠤᠷᠤᠯᠠᠭᠤᠯᠤᠭᠳᠠᠬᠤ | ᠶᠢᠨ ᠬᠠᠮᠲᠤ ᠨᠡᠩ ᠴᠢᠨᠠᠭᠰᠢ ᠾᠧᠨᠠᠨ᠂ ᠰᠢᠨᠵᠢᠶᠠᠩ᠂ ᠬᠦᠬᠡᠨᠠᠭᠤᠷ᠂ ᠲᠦᠪᠡᠳ᠂ ᠬᠦᠯᠦᠨ ᠪᠤᠶᠢᠷ ᠢᠶᠠᠷ ᠬᠦᠷᠲᠡᠯ᠎ᠡ | ᠪᠤᠷᠤᠯᠠᠭᠤᠯᠤᠭᠳᠠᠨ ᠠᠰᠢᠭ ᠤᠷᠤᠯᠭ᠎ᠠ ᠪᠠᠷ ᠰᠠᠶᠢᠨ ᠪᠠᠶᠢᠵᠤ᠂ ᠰᠢᠨ᠎ᠠ ᠴᠠᠭ ᠦᠶ᠎ᠠ ᠶᠢᠨ ᠵᠠᠯᠠᠭᠤᠴᠤᠳ ᠤᠨ ᠳᠠᠭᠤᠷᠢᠶᠠᠯ | ᠪᠤᠯᠵᠤ ᠶᠠᠪᠤᠨ᠎ᠠ᠃ | ᠬᠠᠰᠭᠤᠸ᠎ᠠ᠄ ︽ᠬᠤᠶᠢᠰᠢᠳᠠ ᠪᠠᠨ ᠪᠢ ᠲᠦᠷᠦᠯ ᠵᠦᠢᠯ ᠢᠶᠠᠨ ᠨᠡᠩ ᠠᠷᠪᠢᠨ ᠪᠤᠯᠭᠠᠵᠤ᠂ ᠴᠢᠨᠠᠷ ᠴᠢᠨᠰᠠᠭ᠎ᠠ ᠪᠠᠨ | ᠪᠠᠲᠤᠯᠠᠨ᠂ ᠦᠨ᠎ᠡ ᠬᠠᠩᠰᠢ ᠶᠢ ᠲᠤᠬᠢᠷᠠᠮᠵᠢᠲᠠᠢ ᠪᠠᠶᠢᠯᠭᠠᠵᠤ᠂ ᠳᠡᠯᠭᠡᠭᠦᠷ ᠢᠶᠠᠨ ᠨᠡᠩ ᠦᠷᠭᠡᠳᠬᠡᠬᠦ ᠰᠠᠨᠠᠭ᠎ᠠ ᠲᠠᠢ ᠪᠠᠶᠢᠨ᠎ᠠ︾ | ᠭᠡᠵᠦ ᠪᠠᠶᠢᠯ᠎ᠠ᠃ | ᠬᠠᠰᠭᠤᠸ᠎ᠠ ᠱᠠᠭᠠᠵᠠᠩ ᠰᠠᠪᠠ ᠶᠢᠨ ᠳᠡᠯᠭᠡᠭᠦᠷ ᠢᠶᠠᠨ ᠡᠵᠡᠩᠨᠡᠬᠦ ᠶᠢᠨ ᠳᠠᠭᠠᠤ ᠰᠠᠨᠠᠭ᠎ᠠ ᠰᠡᠳᠬᠢᠯ ᠳᠠᠭᠠᠷᠠᠵᠤ | ᠲᠤᠬᠢᠷᠠᠭᠰᠠᠨ ᠨᠠᠶᠢᠵᠠ ᠲᠠᠢ ᠪᠠᠨ ᠬᠠᠮᠲᠤᠷᠠᠨ ᠭᠡᠷ ᠳᠦᠷᠢᠶᠡᠰᠦᠯᠡᠵᠦ ︽ᠰᠠᠶᠢᠨᠤ︾ ᠭᠡᠬᠦ ᠡᠮᠡᠭᠲᠠᠢ ᠶᠢᠨ ᠬᠤᠪᠴᠠᠰᠤᠨ | ᠳᠡᠯᠭᠡᠭᠦᠷ ᠡᠷᠬᠢᠯᠡᠵᠦ ᠡᠳᠦᠷ ᠲᠤᠷᠰᠢ ᠶᠠᠭᠠᠷᠠᠯᠲᠠᠢ ᠠᠵᠢᠯᠯᠠᠵᠤ ᠪᠠᠰᠠ ᠨᠢᠭᠡᠨ ᠬᠦᠰᠡᠯ ᠵᠤᠷᠢᠯᠲᠠ ᠳᠠᠭᠠᠨ ᠲᠡᠮᠡᠤᠯᠡᠵᠦ ᠶᠠᠪᠤᠨ᠎ᠠ | ᠃ |