ᠬᠦᠪᠡᠬᠡᠳᠣ ᠰᠢᠷ᠎ᠡ ᠬᠤᠰᠢᠭᠤᠨ ᠤ ᠪᠠᠶᠠᠨᠳᠠᠯ᠎ᠠ ᠪᠠᠯᠭᠠᠰᠣᠨ ᠤ ᠭᠦᠰᠡᠭᠦᠢ ᠭᠠᠴᠠᠭᠠᠨ ᠤ ᠴᠠᠩᠬᠡᠯᠪᠡᠶᠡᠷ᠂ ᠠᠯᠳᠠᠩᠭᠤᠸ᠎ᠠ | ᠬᠤᠶᠡᠷ ᠪᠤᠯ ᠬᠤᠰᠢᠭᠤᠨ ᠲᠦᠪ ᠲᠤ ᠬᠦᠯᠦᠰᠦᠨ ᠠᠵᠢᠯ᠂ ᠲᠦᠷ ᠴᠠᠭ ᠤᠨ ᠠᠵᠢᠯ ᠬᠢᠵᠤ ᠪᠠᠶᠢᠭᠰᠠᠨ ᠠᠴᠠ ᠪᠠᠨ ᠬᠦᠳᠡᠭᠡ | ᠪᠠᠨ ᠪᠣᠴᠠᠵᠣ ᠮᠠᠯᠵᠢᠬᠤ ᠠᠮᠢᠳᠣᠷᠠᠯ ᠢᠶᠠᠨ ᠴᠣᠬᠴᠠᠯᠠᠵᠦ᠂ ᠰᠢᠨ᠎ᠡ ᠡᠷᠢᠨ ᠤ ᠵᠠᠯᠠᠭᠤ ᠮᠠᠯᠴᠢᠳ ᠤᠨ ᠴᠤᠭ ᠵᠣᠯᠪᠣᠭ᠎ᠠ ᠪᠠᠨ | ᠪᠠᠳᠠᠷᠠᠭᠤᠯᠵᠦ ᠶᠠᠪᠤᠭ᠎ᠠ ᠬᠤᠤᠰ ᠪᠤᠯᠤᠨ᠎ᠠ᠃ ᠨᠠᠪᠴᠢᠰ ᠰᠢᠷᠭᠠᠯᠳᠣᠬᠰᠠᠨ ᠨᠠᠮᠣᠷ ᠤᠨ ᠲᠣᠮᠳᠠ ᠰᠡᠷ᠎ᠡ ᠪᠠᠷ ᠰᠣᠷᠪᠣᠯᠵᠢᠯᠠᠬᠴᠢ | ᠴᠠᠩᠬᠡᠯᠪᠡᠶᠡᠷ ᠤᠨ ᠬᠢᠨ ᠳᠤ ᠬᠦᠷᠬᠦ ᠳᠤ᠂ ᠴᠡᠪᠡᠷ ᠲᠣᠬᠢᠯᠢᠭ ᠬᠡᠷ ᠪᠠᠶᠢᠰᠢᠩ ᠤᠨ ᠲᠣᠳᠣᠨ᠎ᠠ ᠭᠠᠳᠠᠨ᠎ᠠ ᠴᠠᠭ ᠦᠶ᠎ᠡ ᠪᠠᠨ | ᠳᠠᠭᠠᠭᠰᠠᠨ ᠰᠠᠶᠢᠬᠠᠨ ᠡᠳ᠋ᠯᠡᠯ ᠬᠡᠷᠡᠭᠰᠠᠯ᠂ ᠮᠠᠰᠢᠨ ᠲᠦᠬᠦᠬᠡᠷᠣᠮᠵᠢ ᠬᠠᠷᠠᠭᠳᠠᠵᠤ᠂ ᠰᠢᠨ᠎ᠡ ᠴᠠᠭ ᠤᠨ ᠮᠠᠯᠴᠢᠨ ᠠᠶᠢᠯ ᠤᠨ | ᠲᠦᠷᠭᠦ ᠶᠢ ᠭᠦᠮᠦᠰ ᠲᠤ ᠢᠯᠡᠭᠡᠨ ᠬᠠᠷᠠᠭᠤᠯᠤᠨ᠎ᠠ᠃ | ᠡᠳᠡᠨᠡᠶᠢᠭᠢᠨ ᠡᠨᠡ ᠵᠢᠯ ᠵᠢᠷᠠᠭᠠᠳ ᠰᠢᠮᠧᠨ᠋ᠲ᠋ᠠᠷ ᠦᠭᠡᠷ ᠡᠪᠦᠯᠵᠢᠭᠦᠯᠭᠦ ᠪᠠᠷ ᠪᠠᠶᠢᠵᠦ᠂ ᠣᠳᠣᠬᠠᠨ ᠳᠤ ᠡᠪᠡᠰᠦ ᠪᠣᠷᠳᠤᠭ᠎ᠠ ᠪᠠᠨ | ᠦᠨᠳᠦᠰᠦᠨ ᠳᠡᠭᠡᠨ ᠪᠡᠯᠡᠳᠭᠡᠵᠦ ᠲᠦᠭᠦᠭᠡᠷᠦᠨ᠂ ᠮᠠᠯ ᠤᠨ ᠭᠠᠷᠭᠠᠯᠳᠠ ᠶᠢᠨ ᠠᠵᠢᠯ ᠢᠶᠠᠨ ᠱᠠᠯᠠᠪᠳᠠᠨ ᠭᠢᠵᠦ ᠪᠠᠶᠢᠨ᠎ᠠ᠃ ︽ | ᠦᠨᠣ ᠵᠢᠯ ᠤᠨ ᠡᠪᠣᠯ ᠤᠨ ᠪᠠᠯᠠᠳᠬᠡᠯ 70 ᠭᠠᠷᠣᠢ ᠲᠣᠨ ᠡᠪᠡᠰᠣ ᠠᠪᠴᠢᠬᠠᠬᠰᠠᠨ᠂ 200 ᠭᠠᠷᠣᠢ ᠲᠣᠨ ᠨᠣᠭᠤᠭᠠᠨ | ᠲᠠᠷᠣᠰᠢ ᠲᠠᠷᠣᠴᠢᠬᠠᠭᠠᠳ᠂ 30 ᠭᠠᠷᠣᠢ ᠲᠣᠨ ᠪᠣᠷᠳᠣᠭᠤᠷ ᠵᠠᠬᠢᠶᠠᠯᠠᠴᠢᠬᠠᠬᠰᠠᠨ︔ ᠣᠳᠣ ᠭᠤᠴᠢ ᠭᠠᠷᠣᠢ ᠲᠣᠭᠤᠯ | ᠪᠢᠷᠠᠭᠤ ᠬᠤᠳᠠᠯᠳᠣᠬᠤ ᠰᠠᠨᠠᠭᠠᠲᠠᠢ᠂ ᠭᠠᠷᠭᠠᠯᠳᠠ ᠮᠠᠭᠤ ᠪᠣᠯ ᠡᠪᠡᠰᠣ ᠪᠣᠷᠳᠣᠭᠤᠷ ᠨᠠᠮᠠᠵᠣ ᠠᠪᠣᠨ᠎ᠠ︔ ᠵᠢᠷᠠᠨ ᠦᠬᠡᠷ ᠤᠨ | ᠪᠠᠯᠠᠳᠬᠡᠯ ᠢᠶᠠᠨ ᠦᠨᠳᠣᠰᠣᠨ ᠳᠤ ᠪᠠᠨ ᠬᠢᠴᠢᠬᠡᠭᠰᠠᠨ︾ ᠭᠡᠵᠤ ᠴᠠᠩᠬᠡᠯᠪᠡᠶᠡᠷ ᠶᠠᠷᠢᠯ᠎ᠠ᠃ | ᠣᠶᠢᠷ᠎ᠡ ᠶᠢᠨ ᠵᠢᠯ ᠠᠴᠠ ᠮᠠᠯ ᠤᠨ ᠦᠨ᠎ᠠ ᠬᠠᠩᠰᠢ ᠪᠠᠭᠤᠷᠠᠵᠣ᠂ ᠡᠪᠡᠰᠣ ᠪᠣᠷᠳᠣᠭᠠᠨ ᠤ ᠦᠨ᠎ᠠ ᠬᠠᠩᠰᠢ ᠦᠰᠣᠭ᠍ᠰᠠᠨ ᠵᠡᠷᠬᠡ | ᠪᠠᠶᠢᠳᠠᠯ ᠲᠣᠣᠷ᠎ᠡ᠂ ᠮᠠᠯ ᠠᠵᠣ ᠠᠬᠤᠢ ᠪᠠᠨ ᠬᠡᠷᠬᠢᠨ ᠬᠦᠭᠵᠢᠬᠦᠯᠣᠨ᠎ᠠ ᠬᠡᠰᠠᠨ ᠮᠠᠯᠴᠢᠳ ᠤᠨ ᠠᠮᠢᠳᠣᠷᠠᠯ ᠤᠨ ᠲᠣᠮᠳᠡᠬᠢ | ᠲᠣᠪᠣᠶᠢᠮ᠎ᠠ ᠠᠰᠠᠭᠤᠳᠠᠯ ᠳᠤ ᠴᠢᠭᠯᠡᠭᠦᠯᠦᠨ᠂ ᠴᠠᠩᠬᠡᠯᠪᠡᠶᠡᠷ ᠠᠯᠳᠠᠩᠭᠤᠸ᠎ᠠ ᠬᠤᠶᠠᠭᠤᠯᠠ ᠦᠪᠡᠷ ᠤᠨ 1600 ᠭᠠᠷᠣᠢ ᠮᠣ᠋ | ᠨᠣᠳᠤᠭ ᠪᠠᠯᠴᠢᠬᠡᠷ ᠲᠡᠬᠡᠷ᠎ᠡ ᠪᠠᠨ 2000 ᠭᠠᠷᠣᠢ ᠮᠦ ᠨᠣᠳᠤᠭ ᠪᠠᠯᠴᠢᠬᠡᠷ ᠲᠦᠷᠢᠶᠠᠰᠣᠯᠠᠨ᠂ ᠨᠣᠳᠤᠭ ᠪᠠᠯᠴᠢᠬᠡᠷ ᠪᠣᠯᠣᠨ | ᠬᠦᠳᠠᠯᠮᠣᠷᠢ ᠬᠦᠴᠣ ᠳᠡᠭᠡᠨ ᠲᠣᠬᠢᠷᠠᠭᠤᠯᠣᠨ᠂ ᠦᠷ᠎ᠡ ᠠᠰᠢᠭ ᠦᠨᠳᠣᠷ ᠪᠦᠬᠦᠢ ᠮᠠᠯᠵᠢᠯ ᠦᠢᠯᠡᠳᠪᠣᠷᠢᠯᠡᠯ ᠤᠨ ᠠᠷᠭ᠎ᠠ ᠵᠠᠮ | ᠢ ᠡᠷᠢᠯᠬᠢᠯᠡᠬᠦ ᠲᠡᠬᠡᠷ᠎ᠡ ᠣᠬᠠᠭ᠎ᠠ ᠬᠦᠳᠠᠯᠮᠣᠷᠢ ᠪᠠᠨ ᠵᠠᠷᠣᠴᠠᠭᠤᠯᠵᠣ᠂ 2018 ᠣᠨ ᠠᠴᠠ ᠰᠢᠯᠢᠳᠡᠭ ᠡᠬᠦᠯᠳᠡᠷ ᠤᠨ | ᠰᠢᠮᠧᠨ᠋ᠲ᠋ᠠᠷ ᠦᠬᠡᠷ ᠮᠠᠯᠵᠢᠬᠤ ᠵᠠᠮ ᠢᠶᠠᠷ ᠵᠠᠮᠨᠠᠵᠣ᠂ 2020 ᠣᠨ ᠳᠤ ︽ᠮᠠᠯᠴᠢᠨ︾ ᠬᠡᠷ ᠪᠦᠯᠢ ᠶᠢᠨ ᠮᠠᠯᠵᠢᠯ ᠤᠨ | ᠲᠠᠯᠠᠪᠠᠢ ᠶᠢ ᠪᠠᠶᠢᠭᠤᠯᠵᠣ᠂ 2021 ᠣᠨ ᠳᠤ 1100 ᠭᠠᠷᠣᠢ ᠲᠡᠭᠰᠢ ᠲᠦᠷᠪᠠᠯᠵᠢᠨ ᠮᠧᠲᠷ ᠪᠦᠬᠦᠢ ᠲᠦᠷᠣᠯ ᠵᠦᠢᠯ ᠤᠨ | ᠫᠧᠩ ᠬᠤᠷᠤᠭ᠎ᠠ ᠪᠣᠯᠣᠨ ᠮᠠᠯ ᠲᠡᠵᠢᠬᠡᠬᠦ ᠮᠠᠰᠢᠨ ᠲᠦᠬᠦᠬᠡᠷᠣᠮᠵᠢ ᠪᠦᠬᠦᠢ ᠰᠠᠭᠤᠷᠢ ᠪᠦᠳᠣᠬᠡᠨ ᠪᠠᠶᠢᠭᠤᠯᠣᠯᠳᠠ ᠪᠠᠨ ᠣᠯᠠᠮ | ᠨᠢᠬᠡ ᠠᠯᠬᠤᠮ ᠪᠦᠷᠢᠨᠰᠢᠬᠦᠯᠣᠨ ᠮᠠᠯ ᠠᠵᠣ ᠠᠬᠤᠢ ᠶᠢᠨ ᠬᠦᠭᠵᠢᠯᠳᠠ ᠳᠡᠭᠡᠨ ᠪᠠᠳᠣ ᠪᠠᠬᠢ ᠰᠠᠭᠤᠷᠢ ᠲᠠᠯᠪᠢᠬᠰᠠᠨ ᠢᠶᠠᠷ | ᠪᠠᠷᠠᠬᠤ ᠦᠭᠡᠢ ᠴᠠᠩᠬᠡᠯᠪᠡᠶᠡᠷ ᠬᠤᠰᠢᠭᠤᠨ ᠤ ᠪᠠᠨ ᠬᠠᠮᠢᠶ᠎ᠠ ᠪᠦᠬᠦᠢ ᠮᠡᠷᠭᠡᠵᠢᠯ ᠤᠨ ᠪᠣᠯᠪᠠᠰᠣᠷᠠᠯ ᠳᠤ ᠣᠷᠣᠯᠴᠠᠨ᠂ ᠭᠠᠷ | ᠬᠡᠬᠡᠯᠳᠣᠯᠬᠡ ᠬᠢᠬᠦ ᠵᠡᠷᠭᠡ ᠮᠡᠷᠬᠡᠵᠢᠯ ᠢ ᠰᠣᠷᠣᠯᠴᠠᠵᠣ 2022 ᠣᠨ ᠠᠴᠠ ᠦᠬᠡᠷ ᠤᠨ ᠰᠦᠷᠣᠭ᠌ ᠲᠤ ᠪᠠᠨ ᠭᠠᠷ | ᠬᠡᠬᠡᠯᠳᠣᠯᠬᠡ ᠬᠢᠵᠤ ᠭᠡᠭᠡᠯ ᠲᠣᠬᠳᠠᠬᠰᠠᠨ ᠨᠣᠷᠮ᠎ᠠ ᠨᠢ 85% ᠠᠴᠠ 90% ᠳᠤ ᠭᠦᠷᠦᠭᠰᠡᠨ ᠪᠠᠶᠢᠨ᠎ᠠ᠃ ︽ᠬᠤᠶᠢᠰᠢᠳᠠ | ᠪᠢ ᠡᠬᠦᠨ ᠤ ᠪᠠᠨ ᠰᠠᠭᠤᠷᠢᠨ ᠲᠡᠬᠡᠷ᠎ᠡ᠂ ᠰᠦᠷᠦᠭ ᠤᠨ ᠢᠶᠠᠨ ᠡᠬᠦᠯᠳᠡᠷ ᠢ ᠣᠯᠠᠮ ᠰᠠᠶᠢᠵᠢᠷᠠᠭᠤᠯᠵᠤ᠂ ᠮᠠᠯᠵᠢᠬᠤ | ᠦᠢᠯᠡᠳᠪᠦᠷᠢᠯᠡᠯ ᠤᠨ ᠦᠪᠡᠷ ᠤᠨ ᠦᠷᠳᠡᠭ ᠢᠶᠠᠨ ᠲᠣᠷᠣᠬᠰᠢᠯᠠᠭᠤᠯᠣᠨᠠ︔ ᠰᠢᠨ᠎ᠠ ᠴᠠᠭ ᠦᠶ᠎ᠡ ᠶᠢᠨ ᠰᠢᠨᠵᠢᠯᠡᠬᠦ | ᠣᠬᠠᠭᠠᠨᠴᠢ ᠮᠡᠷᠬᠡᠵᠢᠯ ᠢ ᠮᠠᠯᠵᠢᠬᠤ ᠦᠢᠯᠡᠳᠪᠦᠷᠢᠯᠡᠯ ᠳᠤ ᠪᠠᠨ ᠠᠰᠢᠭᠯᠠᠨ᠎ᠠ︔ ᠮᠠᠯ ᠤᠨ ᠭᠠᠷᠭᠠᠯᠳᠠ ᠪᠣᠭᠤᠬᠳᠠᠮᠠᠯ ᠪᠠᠶᠢᠨ᠎ᠠ︔ | ᠵᠠᠪᠠᠯ ᠠᠷᠠᠯᠵᠢᠶᠠᠴᠢᠨ ᠮᠠᠶᠢᠮᠠᠶᠢᠴᠢᠨ ᠳᠤ ᠦᠭᠬᠦ ᠣᠴᠢᠷ ᠠᠴᠠ ᠦᠨ᠎ᠠ ᠬᠠᠩᠰᠢ ᠲᠠᠷᠣᠬᠳᠠᠨᠠ︔ ᠡᠶᠢᠮᠣᠷᠬᠦᠦ ᠪᠠᠶᠢᠳᠠᠯ | ᠲᠣᠣᠷ᠎ᠠ ᠦᠪᠡᠷ ᠤᠨ ᠮᠠᠯ ᠢᠶᠠᠨ ᠪᠣᠷᠳᠣᠨ ᠲᠠᠷᠭᠤᠯᠠᠭᠤᠯᠣᠭᠠᠳ ᠵᠠᠷᠤᠵᠤ ᠬᠤᠳᠠᠯᠳᠣᠬᠤ ᠰᠠᠨᠠᠭᠠᠲᠠᠢ︔ ᠦᠪᠡᠷ ᠢᠶᠠᠨ | ᠬᠦᠳᠡᠭᠡ ᠪᠠᠨ ᠪᠠᠭ᠎ᠠ ᠰᠢᠭ᠋ ᠬᠦᠢᠳᠠᠨ ᠬᠦᠮᠣᠷᠬᠡ ᠪᠠᠶᠢᠭᠤᠯᠵᠣ᠂ ᠰᠦᠯᠵᠢᠶ᠎ᠠ ᠬᠤᠯᠪᠣᠭᠠᠨ ᠲᠡᠬᠡᠷ᠎ᠡ ᠬᠤᠳᠠᠯᠳᠣᠬᠤ ᠠᠷᠭ᠎ᠠ ᠵᠠᠮ | ᠢᠶᠠᠷ ᠶᠠᠪᠣᠬᠤ ᠰᠠᠨᠠᠭᠠᠲᠠᠢ︔ ᠢᠩᠬᠢᠪᠠᠯ ᠣᠷᠣᠯᠭ᠎ᠠ ᠢᠯᠡᠬᠦᠦ ᠰᠢᠭ ᠨᠡᠮᠡᠭᠳᠡᠨ᠎ᠠ︾ ᠭᠡᠵᠤ ᠴᠠᠩᠬᠡᠯᠪᠡᠶᠡᠷ ᠶᠠᠷᠢᠯ᠎ᠠ᠃ | ︽ᠪᠡᠯᠡᠳᠬᠡᠯ ᠰᠠᠶᠢᠲᠠᠢ ᠪᠣᠯ ᠪᠠᠯᠢᠳᠠᠬᠤ ᠦᠬᠡᠢ︾ ᠬᠡᠳᠡᠭ ᠢᠶᠠᠷ ᠡᠳᠠᠨ ᠤ ᠬᠢ ᠵᠢᠯ ᠪᠦᠷᠢ ᠡᠪᠡᠰᠣ ᠪᠣᠷᠳᠤᠭ᠎ᠠ ᠪᠠᠨ | ᠬᠦᠷᠣᠯᠴᠡᠬᠡᠲᠠᠢ ᠣᠷᠣᠭᠤᠯᠵᠣ ᠡᠪᠣᠯ ᠬᠠᠪᠣᠷ ᠢ ᠠᠯᠵᠢᠯ ᠦᠬᠡᠢ ᠲᠣᠭᠤᠯᠣᠨ ᠣᠷᠣᠯᠭ᠎ᠠ ᠵᠠᠷᠣᠯᠭ᠎ᠠ ᠪᠠᠨ ᠵᠣᠬᠢᠴᠠᠭᠤᠯᠣᠨ | ᠲᠣᠬᠢᠷᠠᠭᠤᠯᠵᠣ᠂ ᠠᠮᠢᠳᠣᠷᠠᠯ ᠳᠠᠭᠠᠨ ᠨᠠᠷᠢᠨ ᠲᠣᠭᠠᠴᠠᠭ᠎ᠠ ᠬᠢᠵᠣ ᠠᠵᠢᠯᠴᠢ ᠣᠬᠠᠭᠠᠨ ᠢᠶᠠᠷ ᠠᠮᠢᠳᠣᠷᠠᠯ ᠢᠶᠠᠨ | ᠴᠣᠬᠴᠠᠯᠠᠭᠰᠠᠨ ᠠᠴᠠ ᠬᠤᠰᠢᠭᠤ ᠨᠣᠳᠤᠭ ᠤᠨ ᠢᠶᠠᠨ ︽ᠪᠠᠶᠠᠵᠢᠯ ᠤᠨ ᠲᠠᠭᠠᠭᠤᠯᠣᠬᠴᠢ︾ ᠬᠡᠰᠠᠨ ᠰᠠᠶᠢᠬᠠᠨ ᠠᠯᠳᠡᠷ ᠢᠶᠠᠷ | ᠡᠩᠬᠡᠷ ᠢᠶᠠᠨ ᠮᠢᠯᠢᠶᠠᠯᠭᠠᠵᠤ ᠶᠠᠪᠤᠨ᠎ᠠ᠃ |