ᠬᠢᠴᠢᠶᠡ︕ ᠡᠶᠢᠮᠦ  ᠪᠣᠳᠠᠰ  ᠨᠢ  ᠵᠢᠷᠦᠬᠡᠨ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠭᠦᠯᠵᠦ ᠮᠡᠳᠡᠨ᠎ᠡ︕ ᠲᠡᠷᠡ ᠨᠢ ᠠᠮᠢᠰᠬᠤᠯ ᠢᠶᠠᠷ ᠳᠠᠮᠵᠢᠨ ᠬᠥᠮᠦᠨ ᠤ ᠪᠡᠶ᠎ᠡ ᠳᠤ ᠣᠷᠣᠳᠠᠭ
ᠨᠡᠶᠢᠲᠡᠯᠡᠭᠰᠡᠨ ᠴᠠᠭ᠄
2024/3/20
                      ᠣᠶᠢᠷ᠎ᠠ ᠳᠤ ᠠᠮᠧᠷᠢᠺᠠ ᠶᠢᠨ ︽ᠰᠢᠨ᠎ᠡ ᠢᠩᠭ᠍ᠯᠠᠨᠳ᠋ ᠤᠨ ᠠᠨᠠᠭᠠᠬᠤ ᠤᠬᠠᠭᠠᠨ ᠤ  ᠰᠡᠳᠬᠦᠯ︾  ᠳᠡᠭᠡᠷ᠎ᠡ  ᠨᠡᠶᠢᠲᠡᠯᠡᠭᠰᠡᠨ‌ᠨᠢᠭᠡᠨ ᠰᠢᠨ᠎ᠡ ᠰᠤᠳᠤᠯᠭᠠᠨ ᠠᠴᠠ ᠦᠵᠡᠪᠡᠯ᠂ ᠬᠥᠮᠦᠨ ᠤ ᠪᠡᠶ᠎ᠡ ᠳᠤ ᠤᠷᠤᠭᠰᠠᠨ ᠪᠢᠴᠢᠯ ᠰᠦᠯᠢᠶᠣᠣ ᠨᠢ  ᠯᠤᠭᠰᠢᠭᠤᠨ  ᠰᠤᠳᠠᠯ‌‍ᠲ᠋ᠣᠲᠣᠷ᠎ᠠ ᠬᠤᠷᠠᠵᠤ ᠴᠤᠭᠯᠠᠷᠠᠳᠠᠭ᠂ ᠡᠨᠡ ᠨᠢ ᠵᠢᠷᠦᠬᠡᠨ  ᠡᠪᠡᠳᠴᠢᠨ᠂  ᠰᠠ  ᠡᠪᠡᠳᠴᠢᠨ  ᠵᠡᠷᠭᠡ  ᠡᠪᠡᠳᠴᠢᠨ ᠳᠤ  ᠨᠡᠷᠪᠡᠭᠳᠡᠬᠦ‌‍ᠲ᠋ᠦ᠋ᠭᠰᠢᠭᠦᠷᠢ ᠶᠢ ᠨᠡᠮᠡᠭᠳᠡᠭᠦᠯᠵᠦ ᠮᠡᠳᠡᠨ᠎ᠡ᠃                 ᠣᠶᠢᠯᠠᠭᠠᠭᠰᠠᠨ ᠢᠶᠠᠷ᠂  ᠪᠢᠴᠢᠯ  ᠰᠦᠯᠢᠶᠣᠣ   ᠭᠡᠳᠡᠭ ᠨᠢ   ᠶᠡᠷᠦ ᠳᠡᠭᠡᠨ   ᠮᠥᠬᠦᠯᠢᠭ ᠤᠨ   ᠳ᠋ᠢᠶᠠᠮᠧᠲᠷ ᠨᠢ   5ᠮᠢᠯᠢᠮᠧᠲᠷ ᠠᠴᠠ ᠪᠠᠭ᠎ᠠ ᠰᠦᠯᠢᠶᠣᠣ ᠮᠥᠬᠦᠯᠢᠭ ᠢ ᠵᠢᠭᠠᠵᠤ ᠪᠤᠢ᠂ ᠲᠡᠷᠡ ᠨᠢ ᠢᠳᠡᠭᠡᠨ ᠪᠤᠶᠤ ᠠᠮᠢᠰᠬᠤᠯ ᠢᠶᠠᠷ ᠳᠡᠮᠵᠢᠨ ᠬᠥᠮᠦᠨ ‍ᠤ‌‍ᠪᠡᠶ᠎ᠡ ᠳᠤ ᠣᠷᠣᠳᠠᠭ᠃ ᠰᠤᠳᠤᠯᠭᠠᠨ ᠤ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ᠂ 58% ᠶᠢᠨ ᠰᠤᠳᠤᠯᠤᠭᠳᠠᠬᠤ ᠡᠲᠡᠭᠡᠳ ‍ᠤᠨ‌‍ᠬᠦ᠋ᠵᠦᠭᠦᠨ ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ  ᠠᠴᠠ ᠪᠥᠭᠡᠭᠡᠨᠡᠷᠡᠯ ᠡᠲ᠋ᠧᠨ ᠤ ᠤᠯᠠ ᠮᠦᠷ ᠢ  ᠪᠠᠶᠢᠴᠠᠭᠠᠨ  ᠤᠯᠵᠠᠢ᠂ᠡᠨᠡ ᠬᠦ ᠪᠥᠭᠡᠭᠡᠨᠡᠷᠡᠯ ᠡᠲ᠋ᠧᠨ ᠪᠣᠯ ᠦᠷᠭᠦᠯᠵᠢ ᠬᠠᠷᠠᠭᠳᠠᠳᠠᠭ ᠰᠦᠯᠢᠶᠣᠣ ᠪᠣᠯᠤᠨ᠎ᠠ᠃ ᠡᠭᠦᠨ ᠠᠴᠠ  ᠭᠠᠳᠠᠨ᠎ᠠ᠂  12  % ‍ᠤᠨ‌‍ᠰᠤᠳᠤᠯᠤᠭᠳᠠᠬᠤ ᠡᠲᠡᠭᠡᠳ ᠤᠨ ᠬᠦᠵᠦᠭᠦᠨ ᠤ  ᠯᠤᠭᠰᠢᠭᠤᠨ  ᠰᠤᠳᠠᠯ ᠤᠨ  ᠲᠣᠯᠪᠤ ᠶᠢᠨ  ᠬᠡᠰᠡᠭ ᠠᠴᠠ  ᠪᠥᠭᠡᠭᠡᠨᠡᠷᠡᠯ  ᠾᠯᠤᠷᠤ᠋‌ᠡᠲ᠋ᠧᠨ ᠤ ᠤᠯᠠ ᠮᠦᠷ ᠢ ᠪᠠᠶᠢᠴᠠᠭᠠᠨ ᠤᠯᠵᠠᠢ᠂ ᠡᠨᠡ  ᠨᠢ ᠥᠭᠡᠷ᠎ᠡ ᠨᠢᠭᠡ ᠵᠦᠢᠯ ᠤᠨ  ᠦᠷᠭᠦᠯᠵᠢ  ᠬᠠᠷᠠᠭᠳᠠᠳᠠᠭ  ᠰᠦᠯᠢᠶᠣᠣ‌‍ᠪᠣᠯᠤᠨ᠎ᠠ᠃ ᠪᠦᠷᠢᠳᠬᠡᠯ ᠤᠨ ᠵᠠᠳᠠᠯᠤᠯᠲᠠ ᠶᠢᠨ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ᠂ ᠬᠦᠵᠦᠭᠦᠨ ᠯᠤᠭᠰᠢᠭᠤᠨ ᠰᠤᠳᠠᠯ ‍ᠤᠨ‌‍ᠲ᠋ᠣᠯᠪᠤ ᠶᠢᠨ ᠬᠡᠰᠡᠭ  ᠠᠴᠠ ᠰᠦᠯᠢᠶᠣᠣ ᠶᠢ ᠪᠠᠶᠢᠴᠠᠭᠠᠵᠤ ᠣᠯᠤᠭᠰᠠᠨ ᠦᠭᠡᠢ ᠬᠥᠮᠦᠨ  ᠢ ᠪᠤᠳᠤᠪᠠᠯ᠂ ᠬᠦᠵᠦᠭᠦᠨ ᠤ  ᠯᠤᠭᠰᠢᠭᠤᠨ‌‍ᠰᠤᠳᠠᠯ ᠤᠨ ᠲᠣᠯᠪᠤ  ᠶᠢᠨ ᠬᠡᠰᠡᠭ ᠲᠤ  ᠪᠢᠴᠢᠯ  ᠰᠦᠯᠢᠶᠣᠣ  ᠪᠤᠶᠤ  ᠮᠥᠬᠦᠯᠢᠭ ᠤᠨ  ᠳ᠋ᠢᠶᠠᠮᠧᠲᠷ ᠨᠢ  ᠨᠡᠩ  ᠪᠠᠭ᠎ᠠ  ᠨᠠᠨᠤᠮᠧᠲᠷ‌‍ᠰᠦ᠋ᠯᠢᠶᠣᠣ ᠪᠠᠶᠢᠬᠤ ᠬᠥᠮᠦᠨ  ᠨᠢ ᠵᠢᠷᠦᠬᠡᠨ ᠡᠪᠡᠳᠴᠢᠨ᠂ ᠰᠠ ᠡᠪᠡᠳᠴᠢᠨ  ᠳᠤ ᠨᠡᠷᠪᠡᠭᠳᠡᠬᠦ ᠪᠤᠶᠤ  ᠦᠬᠦᠬᠦ  ᠲᠦᠭᠰᠢᠬᠦᠷᠢ  ᠪᠡᠷ‌‍ᠬᠡᠳᠦᠨ ᠳᠠᠬᠢᠨ ᠥᠨᠳᠥᠷ ᠶᠤᠮ᠃      
 
ᠢᠷᠡᠯᠲᠡ᠄ ᠳᠤᠮᠳᠠᠳᠤ ᠤᠯᠤᠰ ᠤᠨ ᠠᠷᠠᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号