ᠠᠩᠬᠠᠷ︕ ᠠᠯᠢ ᠠᠯᠢ ᠠᠮᠠᠷᠠᠯᠲᠠ ᠶᠢ ᠵᠢᠯ ᠤᠨ ᠠᠮᠠᠷᠠᠯᠲᠠ ᠶᠢᠨ ᠬᠤᠭᠤᠴᠠᠭᠠᠨ ᠳᠤ ᠪᠣᠳᠣᠵᠤ ᠤᠷᠤᠭᠤᠯᠳᠠᠭ ᠦᠭᠡᠢ ᠪᠣᠶ︖
ᠨᠡᠶᠢᠲᠡᠯᠡᠭᠰᠡᠨ ᠴᠠᠭ᠄
2024/3/20
       ᠠᠩᠬᠠᠷ ︕ ᠠᠯᠢ ᠠᠯᠢ ᠠᠮᠠᠷᠠᠯᠲᠠ ᠶᠢ ᠵᠢᠯ ᠤᠨ ᠠᠮᠠᠷᠠᠯᠲᠠ ᠶᠢᠨ ᠬᠤᠭᠤᠴᠠᠭᠠᠨ ᠳᠤ ᠪᠣᠳᠣᠵᠤ ᠤᠷᠤᠭᠤᠯᠳᠠᠭ ᠦᠭᠡᠢ ᠪᠣᠶ ︖         ᠵᠢᠯ ᠤᠨ ᠠᠮᠠᠷᠠᠯᠲᠠ ᠶᠢᠨ ᠡᠳᠦᠷ ᠤᠨ ᠲᠤᠭ᠎ᠠ ᠶᠢ ᠶᠠᠭᠠᠬᠢᠵᠤ ᠪᠣᠳᠣᠳᠠᠭ ᠪᠤᠢ︖ ᠠᠯᠢ ᠠᠯᠢ  ᠠᠮᠠᠷᠠᠯᠲᠠ ᠶᠢ  ᠵᠢᠯ ‍ᠤᠨ‌ᠠᠮᠠᠷᠠᠯᠲᠠ ᠶᠢᠨ ᠬᠤᠭᠤᠴᠠᠭᠠᠨ ᠳᠤ ᠪᠣᠳᠣᠵᠤ ᠤᠷᠤᠭᠤᠯᠳᠠᠭ ᠦᠭᠡᠢ ᠪᠣᠶ︖  ᠶᠠᠮᠠᠷ ᠨᠥᠬᠦᠴᠡᠯ ᠢ ᠬᠠᠩᠭᠠᠪᠠᠯ ᠵᠢᠯ ᠤᠨ ᠠᠮᠠᠷᠠᠯᠲᠠ ᠠᠪᠴᠤ ᠪᠣᠯᠬᠤ ᠪᠣᠢ︖             ★ᠠᠵᠢᠯᠲᠠᠨ ᠠᠵᠢᠯᠴᠢᠨ ᠵᠠᠯᠭᠠᠭ᠎ᠠ ᠪᠠᠷ 1 ᠵᠢᠯ ᠠᠴᠠ ᠳᠡᠭᠡᠭᠰᠢ ᠠᠵᠢᠯᠯᠠᠪᠠᠯ ᠴᠠᠯᠢᠩ ᠲᠠᠢ  ᠪᠠᠷ  ᠠᠮᠠᠷᠠᠬᠤ  ᠵᠢᠯ ‍ᠤᠨ‌ᠠᠮᠠᠷᠠᠯᠲᠠ  ᠪᠠᠨ ᠠᠪᠴᠤ ᠪᠤᠯᠤᠨ᠎ᠠ᠃             ★ᠠᠵᠢᠯᠲᠠᠨ ᠠᠵᠢᠯᠴᠢᠨ ᠪᠦᠬᠦᠯᠢ 1 ᠵᠢᠯ ᠠᠵᠢᠯᠯᠠᠬᠰᠠᠨ ᠪᠠ ᠠᠵᠢᠯᠯᠠᠭᠠᠳ 10 ᠵᠢᠯ ᠪᠣᠯᠤᠭ᠎ᠠ ᠦᠭᠡᠶ  ᠪᠤᠯ  5ᠡᠳᠦᠷ  ᠤᠨ ᠵᠢᠯ ᠤᠨ ᠠᠮᠠᠷᠠᠯᠲᠠ ᠠᠪᠴᠤ ᠪᠤᠯᠤᠨ᠎ᠠ            ★ᠪᠦᠬᠦᠯᠢ 10 ᠵᠢᠯ ᠠᠵᠢᠯᠯᠠᠬᠰᠠᠨ ᠪᠠ ᠠᠵᠢᠯᠯᠠᠭᠠᠳ ᠪᠦᠬᠦᠯᠢ 20 ᠵᠢᠯ ᠪᠣᠯᠤᠭ᠎ᠠ ᠦᠭᠡᠶ ᠪᠤᠯ10 ᠡᠳᠦᠷ  ‍ᠤᠨ‌ᠵᠢᠯ ᠤᠨ ᠠᠮᠠᠷᠠᠯᠲᠠ ᠠᠪᠴᠤ ᠪᠤᠯᠤᠨ᠎ᠠ             ★ᠪᠦᠬᠦᠯᠢ 20 ᠵᠢᠯ ᠠᠵᠢᠯᠯᠠᠬᠰᠠᠨ ᠪᠤᠯ15 ᠡᠳᠦᠷ  ᠤᠨ ᠵᠢᠯ ᠤᠨ ᠠᠮᠠᠷᠠᠯᠲᠠ ᠠᠪᠴᠤ ᠪᠤᠯᠤᠨ᠎ᠠ            ᠤᠯᠤᠰ ᠤᠨ ᠬᠠᠤᠯᠢ ᠪᠠᠷ ᠲᠣᠭᠲᠠᠭᠠᠭᠰᠠᠨ ᠠᠮᠠᠷᠠᠯᠲᠠ ᠶᠢᠨ ᠡᠳᠦᠷ᠂ ᠭᠠᠷᠠᠭ  ᠤᠨ ᠠᠮᠠᠷᠠᠯᠲᠠ ᠶᠢᠨ  ᠡᠳᠦᠷ ᠢ  ᠵᠢᠯ ‍ᠤᠨ‌ᠠᠮᠠᠷᠠᠯᠲᠠ ᠶᠢᠨ ᠬᠤᠭᠤᠴᠠᠭᠠᠨ ᠳᠤ ᠪᠤᠳᠤᠵᠤ ᠣᠷᠣᠭᠤᠯᠬᠤ ᠥᠬᠡᠶ᠃            ᠬᠥᠮᠦᠨ ᠬᠡᠷᠡᠭᠯᠡᠵᠦ ᠪᠠᠶᠢᠭ᠎ᠠ ᠨᠢᠭᠡᠴᠡ  ᠨᠢ ᠦᠢᠯᠡᠳᠪᠦᠷᠢᠯᠡᠯ᠂ ᠠᠵᠢᠯ ᠤᠨ ᠪᠣᠳᠠᠲᠠᠢ ᠪᠠᠶᠢᠳᠠᠯ ᠢᠶᠠᠨ ᠦᠨᠳᠦᠰᠦᠯᠡᠬᠦ ᠵᠢᠨ‌ᠬᠠᠮᠲᠤ ᠠᠵᠢᠯᠲᠠᠨ ᠠᠵᠢᠯᠴᠢᠨ ᠤ ᠥᠪᠡᠷ ᠤᠨ ᠬᠢᠨᠢ ᠬᠦᠰᠡᠯ ᠡᠷᠡᠮᠡᠯᠵᠡᠯ  ᠠᠴᠠ ᠡᠭᠦᠰᠴᠦ᠂  ᠠᠵᠢᠯᠲᠠᠨ  ᠠᠵᠢᠯᠴᠢᠨ ᠤ  ᠵᠢᠯ ‍ᠤᠨ‌ᠠᠮᠠᠷᠠᠯᠲᠠ ᠶᠢᠨ ᠴᠢᠯᠥᠭᠡ ᠶᠢ ᠨᠢᠭᠡᠳᠦᠯᠲᠡᠢ ᠲᠥᠯᠥᠪᠯᠡᠨ ᠲᠣᠬᠢᠷᠠᠭᠤᠯᠵᠦ ᠪᠤᠯᠤᠨ᠎ᠠ᠃           ᠠᠯᠢ ᠠᠯᠢ ᠠᠮᠠᠷᠠᠯᠲᠠ ᠶᠢ ᠵᠢᠯ ᠤᠨ ᠠᠮᠠᠷᠠᠯᠲᠠ ᠶᠢᠨ ᠬᠤᠭᠤᠴᠠᠭᠠᠨ ᠳᠤ ᠪᠣᠳᠣᠵᠤ ᠤᠷᠤᠭᠤᠯᠳᠠᠭ ᠦᠭᠡᠢ ᠪᠣᠶ︖            ︽ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ ᠴᠠᠯᠢᠩ ᠲᠠᠢ  ᠪᠠᠷ  ᠠᠮᠠᠷᠠᠬᠤ  ᠵᠢᠯ   ᠤᠨ  ᠠᠮᠠᠷᠠᠯᠲᠠ  ᠠᠪᠬᠤ ᠵᠢ‌‍ᠬᠡᠷᠡᠭᠵᠢᠭᠦᠯᠬᠦ ᠠᠷᠭ᠎ᠠ︾ ᠶᠢᠨ ᠵᠢᠷᠭᠤᠳᠤᠭᠠᠷ ᠵᠦᠢᠯ  ᠳᠤ᠄  ᠠᠵᠢᠯᠲᠠᠨ ᠠᠵᠢᠯᠴᠢᠨ ᠤ ᠬᠠᠤᠯᠢ ᠶᠣᠰᠣᠭᠠᠷ ᠬᠦᠷᠲᠡᠬᠦ ᠠᠮᠠᠷᠠᠯᠳᠠ ᠪᠤᠯ  ᠰᠠᠳᠤᠨ  ᠲᠥᠷᠥᠯ ᠢᠶᠠᠨ  ᠡᠷᠭᠢᠵᠦ  ᠦᠵᠡᠬᠦ‌‍ᠴᠢᠯᠥᠭᠡ᠂ ᠬᠤᠷᠢᠮ ᠪᠡᠯᠪᠡᠰᠦᠷᠡᠯ ᠤᠨ ᠴᠢᠯᠥᠭᠡ᠂ ᠬᠥᠩᠭᠡᠵᠢᠬᠦ ᠴᠢᠯᠥᠭᠡ ᠵᠡᠷᠭᠡ ᠤᠯᠤᠰ ᠠᠴᠠ ᠲᠣᠭᠲᠠᠭᠠᠭᠰᠠᠨ  ᠠᠮᠠᠷᠠᠯᠲᠠ  ᠵᠢᠴᠢ‌ᠠᠵᠢᠯ ᠠᠴᠠ ᠪᠣᠯᠤᠭᠰᠠᠨ ᠭᠡᠮᠲᠦᠯ ᠤᠨ ᠠᠵᠢᠯᠯᠠᠬᠤ   ᠪᠠᠨ  ᠵᠣᠭᠰᠣᠵᠤ  ᠴᠠᠯᠢᠩ ᠢᠶᠠᠨ  ᠦᠯᠡᠳᠡᠭᠡᠬᠦ  ᠬᠤᠭᠤᠴᠠᠭ᠎ᠠ ᠶᠢ  ᠵᠢᠯ ‍ᠤᠨ‌ᠠᠮᠠᠷᠠᠯᠲᠠ ᠶᠢᠨ ᠬᠤᠭᠤᠴᠠᠭᠠᠨ ᠳᠤ ᠪᠣᠳᠣᠵᠤ ᠣᠷᠣᠭᠤᠯᠬᠤ ᠦᠭᠡᠶ ᠭᠡᠵᠦ ᠲᠤᠬᠳᠠᠭᠠᠪᠠ᠃      
 
ᠢᠷᠡᠯᠲᠡ᠄ ᠠᠷᠠᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号