ᠡᠷᠡᠭᠦᠯ ᠴᠢᠭᠢᠷᠠᠭ ᠵᠠᠯᠠᠭᠤᠴᠤᠳ ᠲᠤ ᠠᠪᠴᠤ ᠬᠡᠯᠡᠪᠡᠯ᠂ ᠰᠥᠨᠢᠵᠢᠨ ᠤᠨᠳᠠᠬᠤ ᠦᠭᠡᠢ ᠰᠠᠭᠤᠪᠡᠯ ᠪᠡᠶ᠎ᠡ ᠶᠢᠨ | ᠬᠢᠨᠢ ᠴᠢᠰᠤᠨᠲ᠋ᠣᠲᠣᠷᠠᠬᠢ ᠠᠯᠽᠧᠶ᠋ᠢᠮᠧᠷ ᠡᠪᠡᠳᠴᠢᠨ ᠤ ᠠᠮᠢᠳᠤ ᠪᠣᠳᠠᠰ ᠤᠨ ᠲᠡᠮᠳᠡᠭ ᠪᠤᠳᠠᠰ ᠨᠡᠮᠡᠭᠳᠡᠬᠦ ᠪᠣᠯᠤᠨ᠎ᠠ | ᠭᠡᠳᠡᠭ ᠢ ᠰᠸᠧᠳᠧᠨ ᠤ ᠰᠤᠳᠤᠯᠭᠠᠨ ᠤ ᠠᠵᠢᠯᠲᠠᠨ ᠰᠢᠨ᠎ᠡ ᠪᠠᠷ ᠤᠯᠵᠤ ᠮᠡᠳᠡᠵᠡᠢ᠃ ᠬᠠᠮᠢᠶ᠎ᠠ ᠪᠦᠬᠦᠢ ᠥᠭᠦᠯᠡᠯ ᠨᠢ | ᠣᠷᠴᠢᠮᠬᠠᠨ ᠠᠮᠧᠷᠢᠺᠠ ᠶᠢᠨ ︽ᠮᠡᠳᠡᠷᠡᠯ ᠤᠨ ᠤᠬᠠᠭᠠᠨ︾ ᠰᠡᠳᠬᠦᠯ ᠲᠡᠭᠡᠷ᠎ᠡ ᠨᠡᠶᠢᠲᠡᠯᠡᠭᠳᠡᠪᠡ᠃ ᠰᠸᠧᠳᠧᠨ ᠤ | ᠰᠤᠳᠤᠯᠤᠭᠴᠢᠳ ᠳᠤᠮᠳᠠᠴᠢ ᠪᠠᠷ 22 ᠨᠠᠰᠤ ᠲᠠᠢ ᠪᠦᠭᠡᠳ ᠪᠡᠶ᠎ᠡ ᠶᠢᠨ ᠬᠦᠨᠳᠦ ᠨᠢ ᠬᠡᠪ ᠤᠨ 15 ᠡᠷᠡᠭᠲᠡᠶ ᠶᠢ | ᠰᠣᠩᠭᠤᠵᠤ᠂ ᠡᠩ ᠤᠨ ᠦᠶ᠎ᠡ ᠳᠤ ᠲᠡᠳᠡᠨ ᠢ ᠴᠦᠮ 7 ᠴᠠᠭ — 9 ᠴᠠᠭ ᠬᠠᠨᠳᠠᠯ᠎ᠠ ᠤᠨᠲᠠᠭᠤᠯᠬᠤ ᠲᠤᠷᠰᠢᠯᠳᠠ | ᠬᠢᠪᠡ᠃ ᠰᠤᠳᠤᠯᠭᠠᠨ ᠤ ᠳ᠋ᠦᠩ ᠠᠴᠠ ᠦᠵᠡᠪᠡᠯ᠂ ᠲᠤᠷᠰᠢᠯᠳᠡ ᠳᠤ ᠤᠷᠤᠯᠴᠠᠬᠰᠠᠳ ᠢ ᠨᠢᠭᠡ ᠰᠥᠨᠢ | ᠤᠨᠲᠠᠭᠤᠯᠤᠬᠰᠠᠨ ᠦᠭᠡᠢ ︵ᠳ᠋ᠧᠩ ᠤᠨ ᠭᠡᠷᠡᠯ ᠤᠨ ᠳᠣᠤᠷ᠎ᠠ ᠣᠷᠣᠨ ᠳᠡᠭᠡᠷ᠎ᠡ ᠨᠢ ᠰᠠᠭᠤᠯᠭᠠᠨ ᠲᠣᠭᠯᠠᠭᠠᠮ | ᠨᠠᠭᠠᠳᠤᠭᠤᠯᠬᠤ᠂ ᠺᠢᠨᠣ᠋ ᠦᠵᠡᠬᠦᠯᠬᠦ ᠪᠤᠶᠤ ᠵᠣᠭᠤᠭᠳᠠᠭᠤᠯᠬᠤ︶ ᠳᠤ ᠲᠡᠳᠡᠨ ᠤ ᠴᠢᠰᠤᠨ ᠳᠣᠲᠣᠷᠠᠬᠢ Tau | ᠤᠭᠤᠷᠠᠭ ᠤᠨ ᠳᠤᠮᠳᠠᠴᠢ ᠬᠡᠮᠵᠢᠶ᠎ᠡ 17% ᠪᠠᠷ ᠨᠡᠮᠡᠭᠳᠡᠭᠰᠡᠨ ᠪᠠᠶᠢᠪᠠ᠂ ᠨᠢᠭᠡ ᠰᠥᠨᠢ ᠬᠠᠨᠳᠠᠯ᠎ᠠ | ᠤᠨᠲᠠᠭᠤᠯᠤᠬᠰᠠᠨ ᠳᠤ ᠴᠢᠰᠤᠨ ᠳᠣᠲᠣᠷᠠᠬᠢ Tau ᠤᠭᠤᠷᠠᠭ ᠤᠨ ᠳᠤᠮᠳᠠᠴᠢ ᠬᠡᠮᠵᠢᠶ᠎ᠡ ᠨᠢ ᠵᠥᠪᠬᠡᠨ 2% ᠢᠶᠠᠷ | ᠨᠡᠮᠡᠭᠳᠡᠵᠡᠶ᠃ ᠠᠯᠽᠧᠶ᠋ᠢᠮᠧᠷ ᠡᠪᠡᠳᠴᠢᠨ ᠳᠤ ᠨᠡᠷᠪᠡᠭᠳᠡᠭᠰᠡᠳ ᠤᠨ ᠨᠢᠭᠡ ᠵᠦᠢᠯ ᠤᠨ ᠡᠪᠡᠳᠴᠢᠨ ᠤ ᠵᠦᠢ ᠶᠢᠨ | ᠬᠤᠪᠢᠷᠠᠯᠲᠠ ᠪᠣᠯ ᠲᠠᠷᠢᠬᠢᠨ ᠳᠣᠲᠣᠷᠠᠬᠢ Tau ᠤᠭᠤᠷᠠᠭ ᠨᠢ ᠬᠡᠲᠦᠷᠬᠡᠢ ᠹᠣᠰᠹᠣᠷ ᠬᠦᠴᠢᠯᠵᠢᠯᠳᠡ ᠲᠠᠢ ᠪᠤᠯᠵᠤ᠂ | ᠡᠰ ᠤᠨ ᠳᠣᠲᠣᠷ᠎ᠠ ᠨᠢ ᠮᠡᠳᠡᠷᠡᠯ ᠤᠨ ᠡᠬᠢ ᠰᠢᠷᠬᠡᠭᠯᠢᠭ ᠤᠪᠤᠭᠠᠷᠠᠨ ᠣᠷᠢᠶᠠᠯᠳᠤᠬᠤ ᠶᠢᠨ ᠤᠯᠠᠮ ᠢᠶᠠᠷ ᠮᠡᠳᠡᠷᠡᠯ ᠤᠨ | ᠡᠬᠢ ᠰᠢᠷᠬᠡᠭᠯᠢᠭ ᠰᠢᠷᠢᠯᠳᠦᠨ ᠤᠷᠢᠶᠠᠯᠳᠤᠬᠰᠠᠨ ᠠᠴᠠ ᠪᠤᠯᠵᠤ ᠮᠡᠳᠡᠷᠡᠯ ᠤᠨ ᠡᠰ ᠢ ᠦᠬᠦᠭᠦᠯᠬᠦ ᠪᠠ ᠲᠠᠨᠢᠨ | ᠮᠡᠳᠡᠬᠦᠢ ᠶᠢᠨ ᠴᠢᠳᠠᠪᠤᠷᠢ ᠶᠢᠨ ᠬᠠᠷᠰᠢᠯᠠᠵᠤ ᠪᠠᠶᠢᠳᠠᠭ ᠲᠠᠢ ᠨᠢᠭᠲᠠ ᠬᠤᠯᠪᠤᠭ᠎ᠠ ᠲᠠᠢ᠃ ᠡᠭᠦᠨ ᠠᠴᠠ ᠡᠮᠦᠨᠡᠭᠢ | ᠰᠤᠳᠤᠯᠭᠠᠨ ᠳᠤ᠂ ᠨᠠᠰᠤᠲᠠᠶᠢᠴᠤᠳ ᠢ ᠤᠨᠲᠠᠭᠤᠯᠬᠤ ᠦᠭᠡᠢ ᠳᠤ ᠬᠦᠷᠪᠡᠯ ᠲᠠᠷᠢᠬᠢᠨ ᠨᠤᠭᠤᠰᠤᠨ ᠤ ᠰᠢᠩᠭᠡᠨ | ᠳᠣᠲᠣᠷᠠᠬᠢ Tau ᠤᠭᠤᠷᠠᠭ ᠤᠨ ᠬᠡᠮᠵᠢᠶ᠎ᠡ ᠨᠢ ᠨᠡᠮᠡᠭᠳᠡᠵᠦ᠂ ᠲᠣᠯᠣᠭᠠᠶ ᠶᠢᠨ ᠰᠢᠷᠬ᠎ᠠ ᠪᠠᠰᠠ ᠴᠢᠰᠤᠨ ᠳᠣᠲᠣᠷᠠᠬᠢ | Tau ᠤᠭᠤᠷᠠᠭ ᠤᠨ ᠬᠡᠮᠵᠢᠶ᠎ᠡ ᠶᠢ ᠨᠡᠮᠡᠭᠳᠡᠭᠦᠯᠦᠨ᠎ᠡ ᠬᠡᠳᠡᠭ ᠢ ᠢᠯᠡᠷᠡᠬᠦᠯᠪᠡ᠃ ᠴᠢᠰᠤᠨ ᠳᠣᠲᠣᠷᠠᠬᠢ Tau | ᠤᠭᠤᠷᠠᠭ ᠤᠨ ᠬᠡᠮᠵᠢᠶ᠎ᠡ ᠳᠡᠭᠡᠭᠰᠢᠯᠡᠬᠦ ᠨᠢ ᠶᠡᠭᠡ ᠲᠠᠷᠢᠬᠢᠨ ᠳᠠᠬᠢ Tau ᠤᠭᠤᠷᠠᠭ ᠤᠨ ᠬᠡᠮᠵᠢᠶ᠎ᠡ ᠶᠢ ᠳᠡᠭᠡᠭᠰᠢᠯᠡᠬᠦᠯᠵᠦ | ᠮᠡᠳᠡᠨ᠎ᠡ᠂ ᠭᠡᠪᠡᠴᠦ ᠮᠡᠳᠡᠷᠡᠯ ᠤᠨ ᠬᠥᠳᠡᠯᠭᠡᠭᠡᠨ ᠠᠴᠠ ᠡᠭᠦᠰᠦᠭᠰᠡᠨ Tau ᠤᠭᠤᠷᠠᠭ ᠢ ᠶᠡᠭᠡ ᠲᠠᠷᠢᠬᠢᠨ ᠠᠴᠠ | ᠴᠡᠪᠡᠷᠯᠡᠨ ᠠᠷᠢᠯᠭᠠᠵᠦ ᠴᠦ ᠮᠡᠳᠡᠨ᠎ᠡ᠂ ᠡᠶᠢᠮᠦ ᠠᠴᠠ ᠪᠠᠰᠠ ᠤᠨᠲᠠᠬᠤ ᠨᠢ ᠵᠢᠮ᠎ᠡ ᠬᠠᠤᠯᠢ ᠥᠬᠡᠶ ᠪᠣᠯᠪᠡᠯ ᠠᠯᠽᠧᠶ᠋ᠢᠮᠧᠷ | ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠬᠦ ᠡᠰᠡᠬᠦ ᠶᠢ ᠴᠢᠨᠠᠬᠰᠢᠳᠠ ᠰᠤᠳᠤᠯᠬᠤ ᠴᠢᠬᠤᠯᠠᠲᠠᠶ ᠪᠠᠶᠢᠨ᠎ᠠ᠃ | | |