ᠨᠠᠯᠠᠭᠠᠷ ᠨᠠᠮᠤᠷ ᠤᠨ ᠡᠬᠢᠨ ᠰᠠᠷ᠎ᠠ ᠪᠠᠷ᠂ ᠪᠢᠳᠡ ᠪᠤᠭᠳᠠ ᠶᠢᠨ ᠭᠤᠤᠯ ᠰᠤᠮᠤᠨ ᠤ ᠬᠠᠰᠢᠶᠠᠳᠦ ᠭᠠᠴᠠᠭᠠᠨ ᠤ ᠮᠠᠯᠴᠢᠨ | ᠮᠠᠨᠳᠤᠯ᠎ᠠ ᠶᠢᠨ ᠬᠢ ᠶᠢ ᠵᠤᠷᠢᠨ ᠤᠴᠢᠬᠤ ᠳᠤ ᠦᠨᠳᠦᠷᠭᠡᠨ ᠭᠠᠵᠠᠷ ᠲᠡᠭᠡᠷ᠎ᠡ ᠪᠠᠷᠢᠭᠰᠠᠨ ᠬᠤᠶᠠᠷ ᠲᠠᠪᠬᠤᠷ ᠠᠰᠠᠷ ᠬᠤᠯᠠ | ᠠᠴᠠ ᠲᠤᠷᠠᠶᠢᠨ ᠲᠤᠳᠤᠬᠠᠨ ᠬᠠᠷᠠᠭᠳᠠᠨ᠎ᠠ᠃ ᠠᠷᠪᠠᠨ ᠵᠢᠯ ᠤᠨ ᠡᠮᠤᠨ᠎ᠡ ᠬᠦᠳᠡᠭᠡ ᠨᠤᠳᠤᠭ ᠲᠠᠭᠠᠨ ᠠᠰᠠᠷ ᠪᠠᠷᠢᠵᠦ | ᠰᠠᠭᠤᠬᠤ ᠶᠤᠮᠰᠠᠨ ᠭᠡᠰᠡᠨ ᠪᠤᠳᠤᠯ ᠨᠢ ᠵᠡᠬᠦᠳᠦ ᠵᠡᠷᠭᠡᠯᠭᠡᠨ ᠪᠠᠶᠢᠭᠰᠠᠨ ᠪᠤᠯ ᠠᠷᠪᠠᠨ ᠵᠢᠯ ᠤᠨ ᠬᠤᠶᠢᠨ᠎ᠠ ᠡᠨᠡᠬᠦ ᠬᠦᠰᠡᠯ ᠨᠢ | ᠪᠡᠶᠡᠯᠡᠯ ᠢᠶᠠᠨ ᠤᠯᠵᠦ᠂ ᠵᠢᠷᠭᠠᠯᠳᠦ ᠬᠤᠤᠰ ᠤᠨ ᠲᠠᠭᠠᠳᠠᠢ ᠠᠮᠢᠳᠤᠷᠠᠯ ᠤᠨ ᠵᠢᠷᠤᠭᠯᠠᠯ ᠪᠤᠯᠵᠦ ᠬᠠᠰᠢᠶᠠᠳᠦ ᠶᠢᠨ ᠲᠠᠯ᠎ᠠ ᠳᠠᠭᠠᠨ | ᠲᠤᠷᠠᠶᠢᠵᠦ ᠪᠤᠢ᠃ | ᠰᠠᠶ᠋ᠢᠬᠠᠨ ᠰᠢᠨ᠎ᠡ ᠰᠠᠭᠤᠷᠢᠰᠢᠯ ᠳᠠᠭᠠᠨ ᠤᠷᠤᠭᠠᠳ ᠤᠳᠠᠭᠠᠳᠤᠢ ᠮᠠᠨᠳᠤᠯ᠎ᠠ ᠤᠷᠢᠬᠠᠨ ᠬᠦᠦ ᠭᠡᠤᠭᠡᠨ ᠲᠠᠢ ᠪᠠᠨ | ᠠᠮᠠ ᠪᠦᠯᠢ ᠲᠦᠷᠪᠡᠬᠦᠯᠡ ᠪᠠᠨ ᠡᠯᠢᠭᠡᠰᠡᠭ ᠠᠮᠢᠳᠤᠷᠠᠨ᠎ᠠ᠃ 170 ᠲᠡᠭᠰᠢ ᠲᠦᠷᠪᠡᠯᠵᠢᠨ ᠮᠧᠲᠷ ᠤᠨ ᠲᠠᠯᠠᠪᠠᠢ ᠲᠠᠢ ᠰᠢᠨ᠎ᠡ | ᠠᠰᠠᠷ ᠨᠢ ᠵᠤᠴᠢᠨ ᠤ ᠦᠷᠦᠭᠡ᠂ ᠬᠤᠭᠤᠯᠠᠨ ᠲᠢᠩᠭᠢᠮ᠂ ᠤᠨᠳᠠᠯᠭ᠎ᠠ ᠶᠢᠨ ᠦᠷᠦᠭᠡ᠂ ᠤᠬᠢᠶᠠᠯᠭ᠎ᠠ ᠶᠢᠨ ᠦᠷᠦᠭᠡ᠂ | ᠨᠠᠷᠠᠪᠴᠢ ᠵᠡᠷᠭᠡ ᠪᠠᠷ ᠪᠦᠷᠢᠯᠳᠦᠵᠦ᠂ ᠠᠰᠠᠷ ᠤᠨ ᠵᠢᠷᠤᠭ ᠲᠦᠯᠦᠪᠯᠡᠭᠡ᠂ ᠡᠳ᠋ᠯᠡᠯ ᠭᠡᠷᠡᠭᠰᠡᠯ ᠠᠴᠠ ᠭᠡᠷ ᠤᠨ ᠡᠵᠡᠨ | ᠮᠠᠨᠳᠤᠯ᠎ᠠ ᠶᠢᠨ ᠭᠠᠷ ᠤᠨ ᠤᠷᠠᠨ ᠢ ᠡᠷᠭᠡ ᠦᠬᠡᠢ ᠬᠠᠷᠠᠭᠤᠯᠤᠨ᠎ᠠ᠃ | ᠮᠠᠯᠴᠢᠨ ᠮᠠᠨᠳᠤᠯ᠎ᠠ᠄ ︽ ᠠᠰᠷ ᠢᠶᠠᠨ ᠪᠠᠷᠢᠬᠤ ᠳᠤ ᠪᠦᠬᠦᠳᠡ ᠶᠢ ᠦᠪᠡᠷ ᠢᠶᠠᠨ ᠲᠦᠰᠦᠪᠯᠡᠨ ᠬᠢᠵᠦ᠂ ᠭᠡᠷ ᠤᠨ | ᠶᠠᠭᠤᠮᠠᠰ ᠤᠨ ᠶᠡᠬᠡᠩᠬᠢ ᠶᠢ ᠨᠢ ᠰᠦᠯᠵᠢᠶᠡᠨ ᠲᠡᠭᠡᠷ᠎ᠡ ᠠᠴᠠ ᠠᠪᠴᠠᠢ︔ ᠰᠦᠯᠵᠢᠶᠡᠨ ᠠᠴᠠ ᠠᠪᠬᠤ ᠳᠤ ᠦᠨ᠎ᠡ ᠨᠢ ᠬᠢᠮᠳᠠ | ᠂ ᠲᠦᠷᠦᠯ ᠵᠦᠢᠯ ᠨᠢ ᠤᠯᠠᠨ ᠰᠤᠩᠭᠤᠯᠳᠠ ᠲᠠᠢ᠂ ᠰᠦᠯᠵᠢᠶᠡᠨ ᠠᠴᠠ ᠵᠢᠷᠭᠤᠭᠠᠨ ᠮᠢᠩᠭ᠎ᠠ ᠭᠠᠷᠦᠢ ᠪᠠᠷ ᠠᠪᠤᠭᠠᠳ ᠪᠦᠬᠦᠨ | ᠢ ᠦᠪᠡᠷ ᠢᠶᠠᠨ ᠤᠭᠰᠠᠷᠠᠭᠰᠠᠨ︔ ᠠᠷᠪᠠᠨ ᠵᠢᠯ ᠤᠨ ᠡᠮᠤᠨ᠎ᠡ ᠰᠢᠪᠡᠷ ᠭᠡᠷ ᠢ ᠲᠤᠭᠤᠰᠬ᠎ᠠ ᠪᠠᠷ ᠪᠦᠷᠢᠭᠰᠡᠨ ᠪᠠᠶᠢᠰᠢᠩ ᠳᠤ | ᠰᠠᠭᠤᠵᠦ ᠪᠠᠶᠢᠭᠰᠠᠨ︔ ᠲᠡᠷᠡ ᠦᠶ᠎ᠡ ᠳᠤ ᠲᠠᠯ᠎ᠠ ᠨᠤᠳᠤᠭ ᠲᠠᠭᠠᠨ ᠠᠰᠠᠷ ᠪᠠᠷᠢᠵᠤ ᠰᠠᠭᠤᠬᠤ ᠬᠦᠰᠡᠯ ᠲᠠᠢ ᠪᠠᠶᠢᠵᠦ ᠡᠨᠡᠬᠦ | ᠬᠦᠰᠡᠯ ᠢᠶᠠᠨ ᠪᠡᠶᠡᠯᠡᠬᠦᠯᠦᠶ᠎ᠡ ᠭᠡᠵᠦ ᠴᠢᠷᠮᠠᠶᠢᠭᠠᠳ ᠢᠷᠡᠭᠰᠡᠨ︾ ᠭᠡᠵᠦ ᠪᠠᠶᠢᠯ᠎ᠠ᠃ | ᠮᠠᠨᠳᠤᠯ᠎ᠠ ᠶᠢᠨ ᠬᠢ ᠤᠳᠤ ᠭᠤᠷᠪᠠᠨ ᠮᠢᠩᠭ᠎ᠠ ᠭᠠᠷᠦᠢ ᠮᠦ ᠨᠤᠳᠤᠭ ᠪᠡᠯᠴᠢᠭᠡᠷ ᠲᠡᠭᠡᠨ ᠬᠤᠶᠠᠷ ᠵᠠᠭᠤ ᠭᠠᠷᠦᠢ ᠴᠠᠬᠠᠷ | ᠬᠤᠨᠢ ᠮᠠᠯᠵᠢᠵᠦ ᠪᠤᠢ᠃ ᠴᠠᠬᠠᠷ ᠬᠤᠨᠢᠨ ᠤ ᠵᠢᠯ ᠤᠨ ᠤᠷᠤᠯᠭ᠎ᠠ ᠠᠷᠪᠠᠨ ᠭᠠᠷᠦᠢ ᠲᠦᠮᠡᠨ ᠲᠦᠭᠦᠷᠢᠭ ᠲᠤ ᠬᠦᠷᠴᠦ᠂ | ᠠᠮᠢᠳᠤᠷᠠᠯ ᠤᠨ ᠨᠦᠬᠦᠴᠡᠯ ᠡᠳᠦᠷ ᠠᠴᠠ ᠡᠳᠦᠷ ᠰᠠᠶᠢᠵᠢᠷᠠᠭᠰᠠᠨ ᠪᠠᠶᠢᠨ᠎ᠠ᠃ ᠲᠤᠰᠬᠠᠢ ᠪᠠᠷᠢᠯᠭ᠎ᠠ ᠶᠢᠨ ᠠᠵᠢᠯᠴᠢᠨ | ᠬᠦᠯᠦᠰᠦᠯᠡᠭᠰᠡᠨ ᠪᠤᠯ ᠡᠨᠡᠬᠦ ᠠᠰᠠᠷ ᠲᠤ ᠲᠦᠴᠢᠭᠡᠳ ᠲᠦᠮᠡᠨ ᠲᠦᠭᠦᠷᠢᠭ ᠬᠡᠷᠡᠭᠰᠡᠬᠦ ᠪᠠᠶᠢᠭᠰᠠᠨ᠂ ᠬᠠᠷᠢᠨ ᠮᠠᠨᠳᠤᠯ᠎ᠠ | 2013 ᠤᠨ ᠳᠤ ᠬᠤᠰᠢᠭᠤᠨ ᠲᠦᠪ ᠲᠤ ᠮᠤᠳᠤᠨ ᠲᠠᠷᠬᠠᠨ᠂ ᠭᠠᠩᠨᠠᠭᠤᠷ ᠵᠡᠷᠭᠡ ᠮᠡᠷᠭᠡᠵᠢᠯ ᠢ ᠰᠤᠷᠤᠭᠰᠠᠨ ᠢᠶᠠᠷ ᠡᠨᠡ | ᠤᠳᠠᠭ᠎ᠠ ᠦᠪᠡᠷ ᠤᠨ ᠠᠰᠠᠷ ᠢᠶᠠᠨ ᠲᠦᠰᠦᠪᠯᠡᠨ ᠪᠠᠷᠢᠬᠤ ᠳᠤ ᠠᠷᠪᠠᠨ ᠭᠡᠳᠦᠨ ᠲᠦᠮᠡᠨ ᠲᠦᠭᠦᠷᠢᠭ ᠠᠷᠪᠢᠯᠠᠵᠦ ᠂ 25 | ᠲᠦᠮᠡᠨ ᠲᠦᠭᠦᠷᠢᠭ ᠯᠡ ᠵᠠᠷᠤᠴᠠᠭᠤᠯᠵᠠᠢ᠃ | 2008 ᠤᠨ ᠳᠤ᠂ ᠮᠠᠨᠳᠤᠯ᠎ᠠ ᠭᠡᠷᠭᠡᠢ ᠤᠷᠢᠬᠠᠨ ᠲᠠᠢ ᠪᠠᠨ ᠬᠠᠨᠢ ᠶᠢᠨ ᠵᠠᠶᠠᠭ᠎ᠠ ᠬᠤᠯᠪᠤᠵᠦ ᠠᠮᠢᠳᠤᠷᠠᠯ ᠪᠠᠨ | ᠡᠬᠢᠯᠡᠬᠦᠯᠭᠰᠡᠨ ᠪᠠᠶᠢᠨ᠎ᠠ᠃ ᠠᠷᠪᠠᠨ ᠵᠢᠯ ᠤᠨ ᠡᠮᠤᠨ᠎ᠡ᠂ ᠠᠩᠬ᠎ᠠ ᠠᠮᠢᠳᠤᠷᠠᠯ ᠪᠤᠰᠬᠠᠬᠤ ᠳᠤ ᠠᠮᠢᠳᠤᠷᠠᠯ ᠨᠢ ᠬᠦᠴᠢᠷᠳᠡᠯᠳᠡᠢ | ᠵᠠᠯᠠᠭᠤ ᠬᠤᠤᠰ ᠪᠠᠶᠢᠭᠰᠠᠨ ᠪᠤᠯ ᠤᠳᠤ ᠪᠤᠯᠬᠤ ᠳᠤ ᠤᠷᠤᠬᠤ ᠠᠴᠠ ᠴᠡᠪᠡᠷ ᠲᠤᠬᠢᠯᠢᠭ ᠰᠢᠨ᠎ᠡ ᠰᠠᠭᠤᠷᠢᠰᠢᠯ ᠲᠠᠢ᠂ | ᠦᠷ᠎ᠡ ᠶᠢᠨ ᠵᠤᠯᠠᠢ ᠦᠨᠦᠷᠯᠡᠬᠦ ᠴᠤᠪᠤᠭᠤ ᠲᠡᠭᠵᠢᠨ ᠬᠤᠶᠠᠷ ᠭᠡᠤᠭᠡᠳ ᠲᠠᠢ᠂ ᠮᠠᠯᠵᠢᠬᠤ ᠠᠴᠠ ᠴᠢᠨᠠᠷ ᠰᠠᠶᠢᠳᠠᠢ ᠴᠠᠬᠠᠷ ᠬᠤᠨᠢ | ᠲᠠᠢ᠂ ᠢᠵᠢ ᠪᠦᠷᠢᠳᠦᠭᠰᠡᠨ ᠫᠸᠡᠭ ᠬᠤᠷᠤᠭᠠᠨ ᠤ ᠰᠠᠭᠤᠷᠢ ᠲᠦᠭᠦᠭᠡᠷᠤᠮᠵᠢ ᠲᠠᠢ ᠰᠠᠶᠢᠬᠠᠨ ᠠᠮᠢᠳᠤᠷᠠᠵᠦ ᠪᠤᠢ᠃ | ︽ᠨᠦᠬᠦᠷ ᠮᠠᠨᠢ ᠬᠦᠳᠡᠭᠡ ᠪᠠᠨ ᠠᠰᠠᠷ ᠪᠠᠷᠢᠬᠤ ᠬᠦᠰᠡᠯ ᠢᠶᠠᠨ ᠲᠠᠩᠳᠠ ᠶᠠᠷᠢᠳᠠᠭ᠂ ᠲᠡᠷᠡ ᠦᠶ᠎ᠡ ᠳᠤ | ᠠᠮᠢᠳᠤᠷᠠᠯ ᠤᠨ ᠨᠦᠬᠦᠴᠡᠯ ᠠᠨᠠᠢ ᠪᠠᠶᠢᠭᠰᠠᠨ ᠠᠴᠠ ᠪᠢ ᠴᠦ ᠲᠡᠮᠡᠢ ᠢᠳᠡᠭᠡᠳᠡᠭ ᠦᠬᠡᠢ︔ ᠤᠳᠤ ᠬᠤᠶᠠᠷ ᠬᠡᠤᠬᠡᠳ ᠮᠠᠨᠢ | ᠦᠰᠴᠦ ᠲᠤᠮᠤᠷᠠᠯᠠ᠂ ᠠᠮᠢᠳᠤᠷᠠᠯ ᠴᠦ ᠰᠠᠶᠢᠵᠢᠷᠠᠭᠰᠠᠨ ᠢᠶᠠᠷ ᠨᠢᠳᠤᠨᠤᠨ ᠤ ᠶᠢᠰᠦᠨ ᠰᠠᠷ᠎ᠠ ᠠᠴᠠ ᠠᠰᠠᠷ ᠢᠶᠠᠨ ᠪᠠᠷᠢᠵᠤ | ᠡᠬᠢᠯᠡᠭᠰᠡᠨ᠂ ᠮᠠᠨ ᠤ ᠨᠦᠬᠦᠷ ᠦᠪᠡᠷ ᠢᠶᠠᠨ ᠭᠠᠷ ᠤᠷᠠᠨ ᠤᠴᠢᠷ ᠠᠴᠠ ᠮᠤᠵᠢᠶᠠᠩ᠂ ᠭᠠᠩᠨᠠᠭᠤᠷ ᠵᠡᠷᠭᠡ ᠶᠢ ᠪᠦᠷ | ᠬᠢᠴᠢᠭᠡᠨᠡ᠂ ᠶᠡᠭᠡ ᠤᠷᠤᠯᠳᠤᠯᠭ᠎ᠠ ᠲᠠᠢ᠂ ᠨᠢᠭᠡ ᠵᠢᠯ ᠭᠠᠭᠴᠠᠭᠠᠷ ᠢᠶᠠᠨ ᠤᠷᠤᠯᠳᠤᠵᠥ ᠵᠠᠰᠠᠭᠠᠳ ᠴᠢᠷᠮᠠᠶᠢᠭᠰᠠᠨ ᠢᠶᠠᠷ ᠡᠨᠡ | ᠵᠢᠯ ᠤᠨ ᠲᠤᠯᠤᠭᠠᠨ ᠰᠠᠷ᠎ᠠ ᠳᠤ ᠠᠰᠠᠷ ᠲᠠᠭᠠᠨ ᠰᠠᠭᠤᠴᠢᠬᠠᠯ᠎ᠠ᠂ ᠵᠠᠬᠦᠳᠦ ᠰᠢᠭ ᠰᠠᠨᠠᠭᠳᠠᠵᠤ ᠪᠠᠶᠢᠭᠰᠠᠨ ᠴᠢᠨᠢ | ᠪᠡᠶᠡᠯᠡᠭᠳᠡᠴᠢᠭᠡᠯᠡ︾ ᠭᠡᠵᠦ ᠮᠠᠨᠳᠤᠯ᠎ᠠ ᠶᠢᠨ ᠭᠡᠷᠭᠡᠢ ᠤᠷᠢᠬᠠᠨ ᠶᠠᠷᠢᠵᠤ ᠪᠠᠶᠢᠯ᠎ᠠ᠃ | ᠴᠠᠬᠠᠷ ᠤᠨ ᠲᠠᠯ᠎ᠠ ᠨᠤᠲᠤᠭ ᠲᠤ᠂ ᠮᠠᠨᠳᠤᠯ᠎ᠠ ᠰᠢᠭ᠋ ᠠᠰᠠᠷ ᠲᠤ ᠰᠠᠭᠤᠵᠤ᠂ ᠬᠤᠳᠠ ᠶᠢᠨ ᠬᠢ ᠲᠠᠢ ᠠᠳᠠᠯᠢᠬᠠᠨ | ᠠᠮᠢᠳᠤᠷᠠᠯ ᠡᠳ᠋ᠯᠡᠬᠦ ᠮᠠᠯᠴᠢᠳ ᠵᠢᠯ ᠠᠴᠠ ᠵᠢᠯ ᠣᠯᠠᠰᠢᠷᠠᠵᠤ ᠪᠤᠢ᠃ ᠠᠷᠪᠠᠨ ᠵᠢᠯ ᠤᠨ ᠲᠤᠷᠰᠢ᠂ ᠮᠠᠯᠴᠢᠳ ᠤᠨ ᠠᠮᠢᠳᠤᠷᠠᠯ | ᠤᠨ ᠲᠦᠪᠰᠢᠨ ᠤ ᠳᠡᠭᠡᠭᠰᠢᠯᠡᠯᠲᠡ ᠪᠠ ᠮᠠᠯᠵᠢᠬᠤ ᠣᠷᠣᠨ ᠤ ᠠᠮᠢᠳᠤᠷᠠᠯ ᠤᠨ ᠣᠷᠴᠢᠨ ᠨᠥᠬᠦᠴᠡᠯ ᠤᠨ ᠲᠠᠰᠤᠷᠠᠯᠳᠠ ᠦᠭᠡᠢ | ᠰᠠᠶᠢᠵᠢᠷᠠᠬᠤ ᠶᠢ ᠲᠠᠭᠠᠯᠳᠤᠨ᠂ ᠤᠯᠠᠮ ᠠᠴᠠ ᠤᠯᠠᠨ ᠮᠠᠯᠴᠢᠨ ᠮᠠᠯᠵᠢᠬᠤ ᠣᠷᠣᠨ ᠳᠤ ᠬᠦᠰᠡᠨ ᠮᠥᠷᠥᠭᠡᠳᠦᠭᠰᠡᠭᠡᠷ ᠢᠷᠡᠭᠰᠡᠨ | ᠠᠮᠢᠳᠤᠷᠠᠯ ᠢᠶᠠᠨ ᠡᠳ᠋ᠯᠡᠬᠦ ᠪᠣᠯᠵᠠᠢ᠃ ᠲᠡᠳᠡ ᠠᠵᠢᠯᠴᠢ ᠬᠥᠳᠡᠯᠮᠦᠷᠢᠴᠢ ᠬᠤᠶᠠᠷ ᠭᠠᠷ ᠢᠶᠠᠷ ᠢᠶᠠᠨ ᠨᠠᠩ ᠲᠠᠭᠠᠯᠠᠮᠵᠢᠲᠠᠶ᠂ | ᠴᠢᠨᠠᠷ ᠰᠠᠶᠢᠲᠠᠶ ᠠᠮᠢᠳᠤᠷᠠᠯ ᠢᠶᠠᠨ ᠴᠤᠭᠴᠠᠯᠠᠵᠤ᠂ ᠬᠥᠳᠡᠭᠡ ᠲᠣᠰᠬᠤᠨ ᠢᠶᠠᠨ ᠭᠦᠭᠵᠢᠬᠦᠯᠦᠨ ᠮᠠᠨᠳᠤᠭᠤᠯᠵᠦ᠂ ᠰᠠᠶᠢᠨ | ᠰᠠᠶᠢᠬᠠᠨ ᠠᠮᠢᠳᠤᠷᠠᠯ ᠢᠶᠠᠨ ᠵᠢᠷᠦᠭ᠌ᠯᠠᠵᠤ ᠪᠤᠢ᠃ | |