ᠠᠮᠤᠷᠴᠠᠨ᠎ᠠ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠶᠡᠭᠡ ᠨᠠᠶᠢᠷ ᠲᠤ ᠦᠵᠦᠯᠡᠪᠡ
ᠨᠡᠶᠢᠲᠡᠯᠡᠭᠰᠡᠨ ᠴᠠᠭ᠄
2023/8/24
      8 ᠰᠠᠷ᠎ᠠ ᠶᠢᠨ 4 ᠠᠴᠠ 6 ᠤ ᠡᠳᠦᠷ ᠪᠣᠯᠲᠠᠯ᠎ᠠ᠂ ᠬᠦᠪᠡᠭᠡᠲᠦ ᠰᠢᠷ᠎ᠠ ᠬᠤᠰᠢᠭᠤᠨ ᠤ ᠠᠷᠪᠠᠨ ᠭᠤᠷᠪᠠᠳᠤᠭᠠᠷ ᠬᠤᠭᠤᠴᠠᠭᠠᠨ ᠤ ᠠᠷᠠᠳ ᠤᠨ ᠶᠡᠭᠡ ᠨᠠᠶᠢᠷ ᠤᠨ ᠪᠦᠬᠡ ᠶᠢᠨ ᠪᠠᠷᠢᠯᠳᠤᠭᠠᠨ ᠢᠳᠡ ᠬᠦᠭ ᠲᠠᠢ ᠶᠠᠪᠤᠭᠳᠠᠵᠤ᠂ ᠪᠦᠬᠡᠴᠢᠳ ᠣᠷᠠᠨ ᠪᠠᠷᠢᠯᠳᠤᠭᠠᠨ ᠢᠶᠠᠷ ᠢᠶᠠᠨ ᠦᠵᠡᠭᠴᠢ ᠣᠯᠠᠨ ᠢᠶᠠᠨ ᠪᠠᠶᠠᠰᠬᠠᠯ᠎ᠡ᠃       ᠪᠦᠬᠡ ᠶᠢᠨ ᠪᠠᠷᠢᠯᠳᠤᠭᠠᠨ ᠨᠢ ᠬᠦᠴᠦᠲᠦ 512 ᠪᠦᠬᠡ ᠶᠢᠨ ᠪᠠᠷᠢᠯᠳᠤᠭᠠᠨ ᠂ 64 ᠠᠬᠠᠮᠠᠳ ᠪᠦᠬᠡ ᠶᠢᠨ ᠪᠠᠷᠢᠯᠳᠤᠭᠠᠨ᠂ 128 ᠬᠡᠤᠬᠡᠳ ᠤᠨ ᠪᠦᠬᠡ ᠶᠢᠨ ᠪᠠᠷᠢᠯᠳᠤᠭᠠᠨ ᠭᠡᠵᠤ ᠬᠤᠪᠢᠶᠠᠨ ᠶᠠᠪᠤᠭᠳᠠᠭᠤᠯᠵᠠᠢ᠃       ᠬᠦᠴᠦᠲᠦ 512 ᠪᠦᠬᠡ ᠶᠢᠨ ᠪᠠᠷᠢᠯᠳᠤᠭᠠᠨ ᠳᠤ᠂ ᠮᠠᠨ ᠤ ᠤᠷᠤᠨ ᠤ ᠪᠦᠬᠡᠴᠢᠳ ᠠᠴᠠ ᠭᠠᠳᠠᠨ᠎ᠠ᠂ ᠮᠣᠩᠭᠤᠯ ᠣᠯᠣᠰ ᠤᠨ ᠪᠦᠬᠡᠴᠢᠳ ᠵᠤᠳᠤᠭᠯᠠᠭᠰᠠᠨ ᠨᠢ ᠪᠠᠷᠢᠯᠳᠤᠭᠠᠨ ᠢ ᠤᠯᠠᠮ ᠬᠤᠷᠴᠠ ᠰᠢᠷᠦᠬᠦᠨ ᠪᠤᠯᠭᠠᠵᠠᠢ᠃ ᠭᠤᠷᠪᠠᠨ ᠡᠳᠦᠷ ᠤᠨ ᠳᠤᠷᠰᠢ ᠤᠷ᠎ᠠ ᠳᠡᠮ᠂ ᠬᠦᠴᠦ ᠴᠢᠳᠠᠯ ᠢᠶᠠᠨ ᠰᠢᠯᠭᠠᠭᠰᠠᠨ ᠤ ᠡᠴᠦᠰ ᠲᠤ ᠰᠦᠨᠢᠳ ᠵᠠᠭᠦᠨ ᠬᠤᠰᠢᠭᠤᠨ ᠤ ᠠᠮᠤᠷᠴᠠᠨ᠎ᠠ ᠦᠵᠦᠯᠡᠵᠦ᠂ ᠬᠦᠪᠡᠭᠡᠲᠦ ᠰᠢᠷ᠎ᠠ ᠬᠤᠰᠢᠭᠤᠨ ᠤ ᠢᠪᠡᠭᠡᠯ ᠲᠡᠳ᠋ᠯᠡᠵᠤ᠂ ᠬᠦᠪᠡᠭᠡᠲᠦ ᠰᠢᠷ᠎ᠠ ᠬᠤᠰᠢᠭᠤᠨ ᠤ ᠨᠠᠷᠭᠢᠭ᠎ᠠ᠂ ᠬᠤᠷ᠎ᠠ ᠲᠣᠰ ᠲᠣᠰ ᠭᠤᠷᠪᠠ᠂ ᠲᠥᠷᠪᠡᠳᠦᠭᠡᠷ ᠲᠤ ᠲᠤᠳᠤᠷᠠᠵᠠᠢ᠃ 64 ᠠᠬᠠᠮᠠᠳ ᠪᠦᠬᠡ ᠶᠢᠨ ᠪᠠᠷᠢᠯᠳᠤᠭᠠᠨ ᠳᠤ᠂ ᠰᠢᠯᠤᠭᠤᠨ ᠭᠥᠬᠡ ᠬᠤᠰᠢᠭᠤᠨ ᠤ ᠬᠤᠤᠰᠪᠠᠶᠠᠷ ᠦᠵᠦᠯᠡᠵᠦ᠂ ᠬᠦᠪᠡᠭᠡᠲᠦ ᠰᠢᠷ᠎ᠠ ᠬᠤᠰᠢᠭᠤᠨ ᠤ ᠰᠡᠴᠡᠨᠮᠥ᠋ᠩᠬᠡ ᠲᠡᠳ᠋ᠯᠡᠵᠤ᠂ ᠬᠦᠪᠡᠭᠡᠲᠦ ᠰᠢᠷ᠎ᠠ ᠬᠤᠰᠢᠭᠤᠨ ᠤ ᠬᠠᠰᠪᠠᠲᠤ᠂ ᠰᠡᠷᠭᠦᠯᠡᠩ ᠲᠣᠰ ᠲᠣᠰ ᠭᠤᠷᠪᠠ᠂ ᠲᠥᠷᠪᠡᠳᠦᠭᠡᠷ ᠲᠤ ᠲᠤᠳᠤᠷᠠᠵᠠᠢ᠃ 128 ᠬᠡᠤᠬᠡᠳ ᠤᠨ ᠪᠦᠬᠡ ᠶᠢᠨ ᠪᠠᠷᠢᠯᠳᠤᠭᠠᠨ ᠳᠤ ᠬᠡᠰᠢᠭᠲᠡᠨ ᠬᠤᠰᠢᠭᠤᠨ ᠤ ᠠᠮᠤᠷᠭᠡᠰᠢᠭ ᠦᠵᠦᠯᠡᠵᠦ᠂ ᠬᠦᠪᠡᠭᠡᠲᠦ ᠰᠢᠷ᠎ᠠ ᠬᠤᠰᠢᠭᠤᠨ ᠤ ᠴᠡᠯᠮᠡᠨ ᠲᠡᠳ᠋ᠯᠡᠵᠠᠢ᠃ ︽ᠡᠶᠢᠮᠦ ᠭᠤᠶᠤ ᠬᠡᠶᠢᠮᠦᠷᠯᠢᠭ ᠨᠤᠲᠤᠭ ᠤᠨ ᠳᠡᠨᠵᠢᠨ ᠳᠤ᠂ ᠬᠤᠶᠠᠳᠠᠬᠢ ᠤᠳᠠᠭ᠎ᠠ 512 ᠪᠦᠬᠡ ᠳᠤ ᠦᠵᠦᠯᠡᠵᠦ ᠪᠠᠶᠢᠭ᠎ᠠ ᠳᠤ ᠪᠠᠨ ᠪᠠᠶᠠᠷᠲᠠᠢ ᠪᠠᠶᠢᠨ᠎ᠠ︔ ᠪᠢ ︿ᠠᠪᠤᠷᠭᠤ﹀ ᠴᠣᠯᠠ ᠪᠠᠨ ᠬᠦᠪᠡᠭᠡᠲᠦ ᠰᠢᠷ᠎ᠠ ᠬᠤᠰᠢᠭᠤᠨ  ᠳᠤ ᠬᠦᠷᠲᠡᠵᠠᠢ︔ ᠨᠠᠳᠠ ᠶᠢ ᠦᠷᠭᠦᠯᠵᠢ ᠳᠡᠮᠵᠢᠳᠡᠭ ᠠᠪᠤ ᠡᠵᠢ᠂ ᠬᠠᠶᠢᠷᠠᠲᠠᠢ ᠭᠡᠷᠭᠡᠢ ᠪᠣᠯᠣᠨ ᠪᠦᠬᠡ ᠶᠢᠨ ᠬᠠᠨᠢᠲᠠᠳ  ᠲᠤ ᠪᠠᠨ ᠪᠠᠶᠠᠷᠯᠠᠯ᠎ᠠ︾ ᠭᠡᠵᠦ ᠪᠦᠬᠡᠴᠢᠨ ᠠᠮᠤᠷᠴᠠᠨ᠎ᠠ ᠶᠠᠷᠢᠯ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号