ᠲᠦᠯᠯᠡᠬᠦ ᠴᠠᠭ ᠲᠤ ᠪᠡᠯᠡᠳᠬᠡᠯ ᠠᠵᠢᠯ ᠢᠶᠠᠨ ᠰᠠᠶᠢᠳᠤᠷ ᠬᠢᠬᠦ ᠬᠡᠷᠡᠭᠳᠠᠢ
ᠨᠡᠶᠢᠲᠡᠯᠡᠭᠰᠡᠨ ᠴᠠᠭ᠄
2017/2/20
      ᠮᠠᠯ ᠎ ᠤᠨ ᠬᠡᠰᠢᠭ ᠲᠦᠰᠢᠵᠦ ᠶᠠᠪᠤᠭ᠎ᠠ ᠮᠠᠯᠴᠢᠳ ᠲᠤ ᠠᠪᠴᠦ ᠬᠡᠯᠡᠪᠡᠯ ᠲᠦᠯ ᠢᠶᠠᠨ ᠮᠡᠨᠳᠦ ᠲᠤᠷᠨᠢᠭᠤᠨ  ᠪᠤᠶᠢᠵᠢᠭᠤᠯᠬᠤ ᠪᠤᠯ ᠬᠠᠮᠤᠭ ᠴᠢᠬᠤᠯᠠ ᠶᠠᠪᠤᠳᠠᠯ ᠪᠢᠯᠡ᠃ ᠬᠠᠪᠤᠷ ᠴᠠᠭ ᠤᠨ ᠲᠦᠯ ᠤᠨ ᠬᠥᠭ ᠲᠤ ᠮᠠᠯᠴᠢᠳ  ᠤᠨᠠᠭᠰᠠᠨ ᠮᠠᠯᠠᠭᠠᠢ ᠪᠠᠨ ᠠᠪᠴᠦ ᠠᠮᠵᠢᠯ ᠦᠬᠡᠢ ᠶᠠᠭᠠᠷᠠᠵᠦ ᠵᠦᠳᠡᠷᠡᠬᠦ ᠳᠤ ᠬᠠᠰᠢᠶ᠎ᠡ ᠲᠦᠭᠦᠷᠡᠩ ᠬᠤᠷᠠᠭ᠎ᠠ  ᠢᠰᠢᠬᠡ ᠶᠢᠨ ᠮᠠᠶᠢᠯᠠᠯᠳᠤᠭᠠᠨ ᠨᠢ ᠬᠠᠷᠢᠨ ᠪᠠᠶᠠᠰᠤᠯ ᠤᠨ ᠳᠠᠭᠤᠨ ᠪᠤᠯᠵᠦ ᠮᠠᠨᠠᠢ ᠲᠡᠨᠢᠢᠯᠬᠡᠨ᠎ᠡ᠃           ᠶᠡᠷᠦ ᠳᠡᠭᠡᠨ ᠵᠢᠯ ᠤᠨ ᠥᠡᠭᠭᠡ᠂ ᠪᠡᠯᠡᠳᠬᠡᠯ ᠠᠵᠢᠯ ᠪᠤᠯ ᠲᠥᠯ ᠲᠤᠰᠬᠤ ᠶᠢ ᠨᠥᠯᠦᠬᠡᠯᠡᠬᠦ ᠴᠢᠬᠤᠯᠠ ᠵᠦᠢᠯ  ᠪᠠᠶᠢᠵᠦ᠂ ᠪᠤᠷᠳᠤᠭᠠᠨ ᠤ ᠨᠥᠬᠡᠴᠡᠯᠡᠯᠳᠡ᠂ ᠫᠧᠩ ᠰᠠᠷᠠᠪᠴᠢ ᠶᠢᠨ ᠪᠦᠳᠦᠬᠡᠨ ᠪᠠᠶᠢᠭᠤᠯᠤᠯᠳᠠ᠂ ᠮᠠᠯ ᠤᠨ ᠬᠡᠮ  ᠬᠢᠵᠢᠭ ᠤᠨ ᠰᠡᠷᠬᠡᠶᠢᠯᠡᠯᠳᠡ ᠶᠢᠨ ᠠᠵᠢᠯ ᠢ ᠤᠷᠢᠳᠴᠢᠯᠠᠨ ᠰᠠᠶᠢᠳᠤᠷ ᠬᠢᠬᠦ ᠨᠢ ᠮᠠᠯ ᠢᠶᠠᠨ ᠮᠡᠨᠳᠦ  ᠤᠨᠳᠤᠷᠤᠭᠤᠯᠬᠤ ᠶᠢᠨ ᠴᠢᠬᠤᠯᠠ ᠰᠠᠭᠤᠷᠢ ᠪᠢᠯᠡ᠃ ᠥᠡᠭᠭᠡᠷᠡᠬᠦ ᠡᠪᠦᠯ ᠢᠶᠠᠷ ᠵᠢᠱᠢᠶᠡᠯᠡᠬᠦ ᠳᠤ᠂ ᠰᠢᠯᠢ ᠨᠤᠳᠤᠭ ᠤᠨ  ᠵᠢᠯ ᠤᠨ ᠥᠡᠭᠭᠡ ᠰᠠᠶᠢᠨ ᠪᠠᠶᠢᠵᠦ᠂ ᠴᠠᠰᠦ ᠵᠤᠳ ᠪᠠᠭ᠎ᠠ ᠲᠠᠢ ᠪᠤᠯᠬᠤᠷ ᠮᠠᠯᠴᠢᠳ ᠤᠨ ᠡᠷᠳᠡ ᠶᠢᠨ ᠲᠦᠯ  ᠲᠤᠰᠬᠤ ᠳᠤ ᠨᠡᠮᠡᠷᠢ ᠪᠤᠯᠵᠦ᠂ ᠡᠪᠡᠰᠦ ᠪᠤᠷᠳᠤᠭᠠᠨ ᠤ ᠵᠠᠷᠤᠯᠭ᠎ᠠ ᠶᠢ ᠴᠦ ᠨᠡᠯᠢᠶᠡᠳ ᠠᠷᠪᠢᠯᠠᠵᠦ ᠴᠢᠳᠠᠭᠰᠠᠨ ᠢᠶᠠᠷ  ᠪᠠᠷᠠᠬᠤ ᠦᠬᠡᠢ ᠬᠠᠪᠤᠷ ᠤᠨ ᠭᠠᠴᠢᠭᠳᠠᠯ ᠴᠠᠭ ᠲᠤ ᠡᠪᠡᠰᠦ ᠪᠤᠷᠳᠤᠭᠠᠨ ᠤ ᠨᠦᠬᠡᠴᠡᠯᠡᠯᠳᠡ ᠶᠢ ᠬᠠᠷᠢᠴᠠᠩᠭᠤᠢ  ᠬᠦᠷᠦᠯᠴᠡᠬᠡᠳᠠᠢ ᠪᠤᠯᠭᠠᠯ᠎ᠠ ᠬᠡᠵᠦ ᠬᠡᠯᠡᠵᠦ ᠪᠤᠯᠤᠨ᠎ᠠ᠃ ᠬᠡᠪᠡᠴᠦ ᠵᠢᠯ ᠤᠨ ᠥᠡᠭᠭᠡ ᠬᠡᠷᠬᠢᠨ ᠰᠠᠶᠢᠨ ᠪᠠᠶᠢᠭᠰᠠᠨ ᠴᠦ  ᠪᠡᠯᠡᠳᠬᠡᠯ ᠠᠵᠢᠯ ᠢ ᠰᠠᠶᠢᠨ ᠬᠢᠭᠰᠡᠨ ᠡᠰᠡᠬᠦ ᠨᠢ ᠬᠠᠰᠢᠯᠠ ᠲᠦᠯ ᠢᠶᠠᠨ ᠮᠡᠨᠳᠦ ᠪᠤᠶᠢᠵᠢᠭᠤᠯᠬᠤ ᠶᠢᠨ ᠵᠠᠩᠭᠢᠯᠠᠭ᠎ᠠ  ᠪᠤᠯᠤᠨ᠎ᠠ᠃ ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠪᠤᠯᠠᠭᠠᠨᠳᠤᠬᠤᠢ ᠰᠤᠮᠤᠨ ᠤ ᠵᠤᠯᠤ ᠭᠠᠴᠠᠭ᠎ᠠ ᠶᠢᠨ  ᠮᠠᠯᠴᠢᠨ ᠮᠦᠷᠡᠨ ᠤ ᠬᠢᠨ ᠢᠶᠠᠷ ᠵᠢᠱᠢᠶᠡᠯᠡᠨ ᠬᠡᠯᠡᠬᠦ ᠳᠤ ᠳᠡᠳᠡᠨᠠᠶᠢᠬᠢᠨ ᠤᠶᠢᠷ᠎ᠡ ᠶᠢᠨ ᠵᠢᠯ ᠤᠨ ᠫᠸᠡᠭ ᠬᠤᠷᠤᠭᠠᠨ ᠤ  ᠪᠦᠳᠥᠬᠡᠨ ᠪᠠᠶᠢᠭᠤᠯᠤᠯᠳᠠ ᠶᠢ ᠰᠠᠶᠢᠳᠤᠷ ᠬᠢᠵᠦ᠂ ᠲᠦᠯᠯᠡᠬᠦ ᠮᠠᠯ ᠳᠠᠭᠠᠨ ᠲᠤᠯᠠᠭᠠᠨ ᠬᠡᠪᠳᠡᠷᠢ ᠪᠡᠯᠡᠳᠬᠡᠵᠦ᠂ ᠡᠬᠡ  ᠮᠠᠯ ᠢᠶᠠᠨ ᠰᠠᠶᠢᠳᠤᠷ ᠡᠪᠡᠰᠥᠯᠡᠨ ᠪᠤᠷᠳᠤᠵᠦ᠂ ᠡᠬᠡ ᠮᠠᠯ ᠲᠦᠯ ᠮᠠᠯ ᠤᠨ ᠲᠠᠷᠭᠤ ᠬᠦᠴᠦ ᠶᠢ ᠵᠡᠷᠬᠡᠪᠡᠷ ᠪᠠᠳᠤᠯᠠᠵᠦ  ᠢᠷᠡᠭᠰᠡᠨ ᠢᠶᠠᠷ ᠵᠢᠯ ᠪᠦᠷᠢ ᠶᠢᠨ ᠲᠦᠯ ᠤᠨ ᠪᠤᠶᠢᠵᠢᠯᠳᠠ ᠶᠢᠨ ᠨᠤᠷᠮ᠎ᠡ ᠨᠡᠯᠢᠶᠡᠳ ᠥᠨᠳᠦᠷ ᠪᠠᠶᠢᠵᠦ᠂ ᠡᠨᠡ ᠵᠢᠯ  ᠲᠦᠯᠯᠡᠬᠦ 270 ᠡᠬᠡ ᠮᠠᠯ ᠤᠨ 86 ᠡᠬᠡ ᠮᠠᠯ ᠠᠴᠠ ᠪᠠᠨ 102 ᠬᠤᠷᠠᠭ᠎ᠠ ᠢᠰᠢᠬᠡ ᠲᠤᠰᠴᠦ᠂ 16 ᠢᠬᠡᠷ᠎ᠡ  ᠲᠤᠰᠤᠭᠰᠠᠨ ᠢᠶᠠᠷ ᠪᠤᠶᠢᠵᠢᠯᠳᠠ ᠶᠢᠨ ᠨᠤᠷᠮ᠎ᠠ 116%᠎ ᠳᠤ ᠬᠦ᠋ᠷᠦᠭᠰᠡᠨ ᠪᠠᠶᠢᠨ᠎ᠠ᠃ ᠡᠬᠦᠨ ᠲᠠᠢ ᠠᠳᠠᠯᠢ ᠪᠠᠷ  ᠠᠪᠠᠭ᠎ᠠ ᠬᠤᠰᠢᠭᠤᠨ ᠤ ᠴᠠᠭᠠᠡᠨᠠᠭᠤᠷ ᠪᠠᠯᠭᠠᠰᠤᠨ ᠤ ᠪᠠᠶᠠᠡᠨᠠᠭᠤᠷ ᠭᠠᠴᠠᠭᠠᠨ ᠤ ᠮᠠᠯᠴᠢᠨ ᠪᠦᠭᠡᠴᠢᠯᠠᠭᠤ ᠶᠢᠨ ᠬᠢᠨ  3500 ᠪᠤᠭᠤᠯᠳᠠ ᠡᠪᠡᠰᠦ ᠨᠦᠭᠡᠴᠡᠯᠡᠭᠰᠡᠨ ᠰᠠᠭᠤᠷᠢᠨ ᠳᠡᠭᠡᠷ᠎ᠡ ᠪᠠᠰᠠ 2 ᠳᠦᠮᠡᠨ ᠺᠢᠯᠦᠭᠷᠠᠮ ᠮᠦᠬᠦᠯᠢᠭᠳᠦ  ᠪᠤᠷᠳᠤᠭ᠎ᠠ ᠤᠷᠤᠭᠤᠯᠵᠤ᠂ ᠡᠪᠤᠯ ᠬᠠᠪᠤᠷ ᠤᠨ ᠡᠪᠡᠰᠦ ᠪᠤᠷᠳᠤᠭᠠᠨ ᠤ ᠪᠡᠯᠡᠳᠭᠡᠯ ᠡᠵᠢᠯ ᠢᠶᠠᠨ ᠬᠦᠢᠴᠡᠳ  ᠬᠢᠭᠰᠡᠨ ᠢᠶᠠᠷ ᠳᠦᠯ ᠮᠠᠯ ᠢᠶᠠᠨ ᠮᠡᠨᠳᠤ ᠪᠤᠶᠢᠵᠢᠭᠤᠯᠵᠤ᠂ ᠤᠳᠤᠬᠠᠨ ᠪᠤᠯᠳᠠᠯ᠎ᠠ ᠠᠷᠪᠠᠭᠠᠳ ᠳᠤᠭᠤᠯ ᠲᠤᠰᠴᠠᠢ᠃  ᠶᠡᠷᠦ ᠳᠡᠭᠡᠨ ᠪᠡᠯᠡᠳᠬᠡᠯ ᠰᠠᠶᠢᠨ ᠲᠠᠢ ᠪᠤᠯ ᠪᠡᠷᠬᠡᠳᠡᠵᠦ ᠲᠦᠪᠡᠭᠳᠡᠬᠦ ᠦᠬᠡᠢ ᠬᠡᠳᠡᠭ ᠢᠶᠠᠷ ᠲᠥᠯ ᠲᠤᠰᠬᠤ ᠪᠡᠯᠡᠳᠬᠡᠯ  ᠠᠵᠢᠯ ᠢᠶᠠᠨ ᠰᠠᠶᠢᠳᠤᠷ ᠬᠢᠪᠡᠯ ᠬᠡᠴᠡᠬᠦᠦ ᠪᠡᠷᠬᠡ ᠡᠪᠦᠯ ᠠᠴᠠ ᠭᠠᠴᠢᠭᠳᠤ ᠬᠠᠪᠤᠷ ᠢ ᠠᠵᠢᠭ ᠦᠬᠡᠢ ᠲᠤᠭᠤᠯᠵᠦ᠂  ᠲᠦᠯ ᠢᠶᠠᠨ ᠴᠦ ᠮᠡᠨᠳᠦ ᠪᠤᠶᠢᠵᠢᠭᠤᠯᠬᠤ ᠨᠢ ᠲᠠᠮᠵᠢᠭ ᠦᠬᠡᠢ᠃  
 
ᠢᠷᠡᠯᠲᠡ᠄ ᠰᠢᠯᠢᠨ ᠭᠤᠤᠯ ᠤᠨ ᠡᠳᠦᠷ ᠶᠢᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号