ᠰᠢᠯᠤᠭᠤᠨ ᠬᠦᠪᠡᠭᠡᠲᠦ ᠴᠠᠭᠠᠨ ᠬᠤᠰᠢᠭᠤᠨ ᠤ ᠶᠡᠬᠡᠨᠡᠭᠤᠷ ᠰᠤᠮᠤᠨ ᠤ ᠰᠠᠶᠢᠬᠠᠨᠨᠠᠭᠤᠷ ᠭᠠᠴᠠᠭ᠎ᠠ | ᠪᠠᠷ ᠨᠤᠲᠤᠭᠲᠠᠢ ᠮᠠᠯᠴᠢᠨᠲ᠋ᠦ᠋ᠮᠡᠨᠵᠢᠷᠭᠠᠯ ᠠᠷᠪᠠᠭᠠᠳ ᠵᠢᠯ ᠤᠨ ᠡᠮᠦᠨ᠎ᠡ ᠨᠤᠲᠤᠭ ᠪᠡᠯᠴᠢᠭᠡᠷ ᠪᠠᠭ᠎ᠠ᠂ ᠲᠠᠴᠢᠷᠲᠠᠭᠤ | ᠵᠡᠷᠭᠡ ᠰᠢᠯᠲᠠᠭᠠᠨ ᠠᠴᠠ ᠭᠠᠲᠠᠭᠰᠢ ᠭᠠᠷᠴᠤ ᠬᠦᠯᠥᠰᠦᠨ ᠠᠵᠢᠯ ᠬᠢᠬᠦ ᠪᠠᠷ ᠨᠤᠲᠤᠭ ᠠᠴᠠ ᠪᠠᠨ ᠰᠠᠯᠤᠨ ᠠᠪᠠᠭ᠎ᠠ | ᠬᠤᠰᠢᠭᠤ ᠶᠢ ᠵᠤᠷᠢᠭᠰᠠᠨ ᠪᠠᠶᠢᠨ᠎ᠠ᠃ ᠠᠷᠪᠠᠭᠠᠳ ᠵᠢᠯ ᠤᠨ ᠲᠤᠷᠰᠢ ᠲᠡᠷᠡ ᠴᠠᠭᠠᠨ ᠢᠲᠡᠭᠡᠨ ᠤ ᠲᠡᠯᠭᠡᠭᠦᠷ ᠲᠤ | ᠬᠠᠪᠰᠤᠷᠬᠤ᠂ ᠮᠠᠯᠵᠢᠯ ᠤᠨ ᠲᠠᠯᠠᠪᠠᠢ ᠳᠤ ᠬᠦᠴᠦᠨ ᠤ ᠠᠵᠢᠯ ᠬᠢᠬᠦ ᠵᠡᠷᠭᠡ ᠤᠯᠠᠨ ᠠᠵᠢᠯ ᠰᠤᠯᠢᠵᠤ ᠬᠢᠵᠤ | ᠪᠠᠶᠢᠭᠰᠠᠨ ᠢᠶᠠᠨ 2011ᠣᠨ ᠳᠤ ᠠᠪᠠᠭ᠎ᠠ ᠬᠤᠰᠢᠭᠤᠨ ᠤ ᠲᠦᠪ ᠪᠡᠯᠬᠦᠲᠠᠢ ᠪᠠᠯᠭᠠᠰᠤᠨ ᠳᠤ ︽ᠴᠤᠯᠮᠤᠨ︾ | ᠴᠠᠭᠠᠨ ᠢᠲᠡᠭᠡᠨ ᠤ ᠲᠡᠯᠬᠡᠬᠦᠷ ᠪᠠᠨ ᠡᠷᠬᠢᠯᠡᠭᠰᠡᠨ ᠪᠠᠶᠢᠨ᠎ᠠ᠃ | ᠡᠲᠡᠨ ᠤ ᠬᠢᠨ ᠴᠠᠭᠠᠨ ᠢᠲᠡᠭᠡ ᠪᠠᠨ ᠴᠡᠪᠡᠷ ᠪᠠᠶᠢᠭᠠᠯᠢᠯᠢᠭ᠂ ᠨᠤᠲᠤᠭ ᠤᠨ ᠤᠯᠠᠮᠵᠢᠯᠠᠯᠲᠦ ᠠᠷᠭ᠎ᠠ | ᠪᠠᠷ ᠬᠢᠲᠡᠭ ᠢᠶᠠᠷ ᠢᠶᠠᠨ ᠲᠦᠲᠡᠯ ᠦᠬᠡᠢ ᠮᠠᠰᠢ ᠣᠯᠠᠨ ᠬᠡᠷᠡᠭᠯᠡᠭᠴᠢᠳ ᠤᠨ ᠬᠠᠯᠠᠭᠤᠨ ᠬᠦᠷᠢᠶᠡᠯᠡᠯ ᠢ ᠤᠯᠣᠭᠰᠠᠨ | ᠪᠠᠶᠢᠨ᠎ᠠ᠃ ᠬᠡᠬᠦ ᠳᠤ ᠴᠢᠨᠠᠷ ᠰᠠᠶᠢᠲᠠᠢ ᠠᠮᠲᠠᠯᠢᠭ ᠰᠠᠶᠢᠬᠠᠨ ᠴᠠᠭᠠᠨ ᠢᠲᠡᠭᠡ ᠶᠢ ᠪᠤᠯᠪᠠᠰᠤᠷᠠᠭᠤᠯᠬᠤ ᠳᠤ ᠮᠠᠰᠢ ᠶᠡᠭᠡ | ᠬᠦᠴᠦ ᠬᠦᠲᠡᠯᠮᠦᠷᠢ ᠬᠡᠷᠡᠭᠰᠡᠲᠡᠭ᠃ ᠵᠢᠱᠢᠶᠡᠯᠡᠬᠦ ᠳᠤ ᠭᠠᠭᠴᠠ ᠠᠶᠢᠷᠠᠭ ᠢᠰᠬᠡᠬᠦ ᠳᠤ ᠬᠡᠲᠦ ᠬᠡᠲᠦᠨ ᠮᠢᠩᠭ᠎ᠠ ᠪᠠᠷ | ᠪᠦᠯᠢᠲᠡᠭ ᠪᠤᠯᠬᠤᠷ ᠬᠦᠲᠡᠯᠮᠦᠷᠢ ᠬᠦᠴᠦ᠂ ᠴᠠᠭ ᠲᠤ ᠴᠦᠮ ᠠᠷᠪᠢ ᠦᠬᠡᠢ ᠪᠠᠶᠢᠲᠠᠭ᠃ ᠲᠦᠮᠡᠨᠵᠢᠷᠭᠠᠯ ᠭᠡᠷᠭᠡᠢ ᠪᠠᠨ | ᠬᠠᠪᠰᠤᠷᠤᠨ ᠴᠠᠭᠠᠨ ᠢᠲᠡᠭᠡ ᠪᠠᠨ ᠪᠤᠯᠪᠠᠰᠤᠷᠠᠭᠤᠯᠵᠤ᠂ ᠪᠤᠷᠤᠯᠠᠭᠤᠯᠬᠤ ᠶᠢᠨ ᠲᠠᠭᠠᠤ ᠤᠤᠯ ᠠᠴᠠ ᠪᠠᠨ ᠮᠠᠰᠢᠨ | ᠲᠤᠨᠤᠭ ᠰᠡᠯᠪᠢᠨ ᠵᠠᠰᠠᠬᠤ᠂ ᠭᠠᠩᠨᠠᠬᠤ ᠵᠡᠷᠭᠡ ᠭᠠᠷ ᠤᠨ ᠤᠷ᠎ᠠ ᠮᠡᠷᠭᠡᠵᠢᠯ ᠲᠠᠢ ᠪᠤᠯᠬᠤᠷ ᠰᠤᠨᠢᠭᠤᠴᠢ ᠵᠠᠩ ᠳᠤ ᠪᠠᠨ | ᠬᠦᠲᠦᠯᠥᠭᠲᠡᠨ 2014 ᠤᠨ ᠠᠴᠠ ᠠᠥ᠋ᠲ᠋ᠤᠴᠢᠯᠠᠭᠰᠠᠨ ᠠᠶᠢᠷᠠᠭ ᠪᠦᠯᠢᠬᠦ ᠮᠠᠰᠢᠨ ᠦᠢᠯᠡᠳᠬᠦ ᠪᠠᠷ ᠲᠤᠷᠰᠢᠯᠲᠠ | ᠪᠠᠨ ᠡᠬᠢᠯᠡᠬᠦᠯᠵᠠᠢ᠃ ᠬᠡᠲᠦᠨ ᠰᠠᠷ᠎ᠠ ᠶᠢᠨ ᠤᠶᠢᠭ᠎ᠠ ᠦᠬᠡᠢ ᠴᠢᠷᠮᠠᠶᠢᠯᠭ᠎ᠠ ᠪᠠᠷ ᠲᠠᠮᠵᠢᠨ ᠡᠴᠦᠰ ᠲᠤ ᠪᠠᠨ ᠠᠩᠬᠠᠨ ᠤ | ᠠᠥ᠋ᠲ᠋ᠤᠴᠢᠯᠠᠭᠰᠠᠨ ᠠᠶᠢᠷᠠᠭ ᠪᠦᠯᠢᠬᠦ ᠮᠠᠰᠢᠨ ᠢᠶᠠᠨ ᠵᠤᠬᠢᠶᠠᠨ ᠪᠦᠲᠦᠬᠡᠵᠤ᠂ ᠦᠪᠡᠷᠲᠡᠭᠡᠨ ᠲᠠᠬᠢᠨ ᠲᠠᠪᠲᠠᠨ | ᠲᠤᠷᠰᠢᠭᠰᠠᠨ ᠤ ᠡᠴᠦᠰ ᠲᠤ ᠠᠮᠵᠢᠯᠲᠠ ᠤᠯᠤᠭᠰᠠᠨ ᠪᠠᠶᠢᠨ᠎ᠠ᠃ | ᠠᠩᠬᠠᠨ ᠤ ᠮᠠᠰᠢᠨ ᠨᠢ ᠴᠠᠬᠢᠯᠭᠠᠨ ᠬᠦᠲᠡᠯᠬᠡᠬᠦᠷ ᠨᠢ ᠪᠦᠲᠦᠬᠦᠯᠢᠭ᠂ ᠨᠠᠰᠢ ᠴᠠᠰᠢ ᠨᠡᠬᠦᠯᠬᠡᠵᠤ | ᠰᠢᠯᠵᠢᠬᠦᠯᠬᠦ ᠳᠤ ᠲᠦᠬᠦᠮ ᠦᠬᠡᠢ᠂ ᠦᠢᠯᠡᠳᠬᠦ ᠳᠤ ᠴᠠᠭ ᠬᠦᠴᠦ ᠶᠡᠭᠡ ᠵᠠᠷᠤᠴᠠᠭᠤᠯᠲᠠᠭ ᠠᠴᠠ ᠲᠦᠮᠡᠨᠵᠢᠷᠭᠠᠯ | ᠲᠠᠰᠤᠷᠠᠯᠲᠠ ᠦᠬᠡᠢ ᠦᠬᠡᠷᠡᠴᠢᠯᠡᠯᠲᠡ ᠬᠢᠵᠤ᠂ ᠭᠠᠲᠠᠨ᠎ᠠ ᠠᠴᠠ ᠬᠦᠩᠭᠡᠨ ᠠᠪᠰᠠᠷ ᠴᠠᠬᠢᠯᠭᠠᠨ ᠬᠦᠲᠡᠯᠭᠡᠭᠦᠷ᠂ | ᠬᠤᠷᠲᠤᠴᠠ ᠦᠬᠡᠷᠡᠴᠢᠯᠡᠬᠦ ᠮᠠᠰᠢᠨ ᠵᠡᠷᠭᠡ ᠶᠢ ᠤᠷᠤᠭᠤᠯᠤᠨ ᠣᠭᠰᠠᠷᠠᠵᠤ᠂ ᠤᠲᠤ ᠪᠤᠯᠬᠤ ᠳᠤ ᠭᠠᠲᠠᠷ ᠦᠵᠡᠮᠵᠢ | ᠴᠡᠪᠡᠷ ᠦᠵᠡᠮᠵᠢ ᠲᠠᠢ᠂ ᠠᠶᠢᠷᠠᠭ ᠴᠡᠭᠡ ᠪᠦᠯᠢᠬᠦ ᠤᠲᠠᠭ᠎ᠠ᠂ ᠴᠠᠭ ᠬᠤᠭᠤᠴᠠᠭ᠎ᠠ ᠶᠢ ᠲᠤᠬᠢᠷᠠᠭᠤᠯᠵᠤ ᠴᠢᠲᠠᠬᠤ | ᠪᠦᠷᠢᠨ ᠴᠢᠲᠠᠪᠬᠢ ᠲᠠᠢ ᠲᠠᠪᠤᠲᠡᠬᠢ ᠮᠠᠰᠢᠨ ᠢᠶᠠᠨ ᠵᠤᠬᠢᠶᠠᠨ ᠪᠦᠲᠦᠬᠡᠵᠤ᠂ ᠬᠡᠷᠡᠭᠯᠡᠭᠴᠢᠳ ᠴᠤ ᠨᠡᠮᠡᠭᠲᠡᠭᠰᠡᠭᠡᠷ | ᠪᠠᠶᠢᠨ᠎ᠠ᠃ | ᠲᠦᠮᠡᠨᠵᠢᠷᠭᠠᠯ 2014 ᠣᠨ ᠤ ᠡᠴᠦᠰ ᠲᠤ ᠲᠤᠰ ᠠᠶᠢᠷᠠᠭ ᠪᠦᠯᠢᠬᠦ ᠮᠠᠰᠢᠨ ᠢ ᠵᠤᠬᠢᠶᠠᠨ | ᠪᠦᠲᠦᠭᠡᠭᠰᠡᠨ ᠤᠯᠤᠰ ᠤᠨ ᠲᠤᠰᠬᠠᠢ ᠠᠰᠢᠭ ᠤᠨ ᠡᠷᠬᠡ ᠶᠢ ᠭᠤᠶᠤᠴᠢᠯᠠᠨ ᠤᠯᠵᠤ᠂ 2015 ᠤᠨ ᠤ ᠬᠠᠪᠤᠷ | ᠪᠡᠯᠬᠦᠲᠠᠢ ᠪᠠᠯᠭᠠᠰᠤᠨ ᠳᠤ ︽ᠬᠠᠲᠤᠨ ᠬᠦᠬᠦᠤᠷ︾ ᠠᠶᠢᠷᠠᠭ ᠪᠦᠯᠢᠬᠦ ᠮᠠᠰᠢᠨ ᠤ ᠦᠢᠯᠡᠳᠪᠦᠷᠢ ᠪᠠᠨ ᠪᠠᠶᠢᠭᠤᠯᠤᠭᠰᠠᠨ | ᠪᠦᠬᠡᠳ ᠤᠲᠤᠬᠠᠨ ᠪᠤᠯᠲᠠᠯ᠎ᠠ ᠲᠤᠰ ᠮᠠᠰᠢᠨ ᠨᠢ ᠤᠶᠢᠷ᠎ᠠ ᠬᠠᠪᠢ ᠶᠢᠨ ᠬᠤᠰᠢᠭᠤ ᠰᠢᠶᠠᠨ ᠠᠴᠠ ᠭᠠᠲᠠᠨ᠎ᠠ | ᠰᠢᠨᠵᠢᠶᠠᠩ᠂ ᠮᠤᠩᠭᠤᠯ ᠤᠯᠤᠰ ᠲᠤ ᠵᠠᠬᠢᠶᠠᠯᠭ᠎ᠠ ᠪᠠᠷ ᠪᠤᠷᠤᠯᠠᠭᠤᠯᠤᠭᠲᠠᠵᠤ ᠪᠠᠶᠢᠨ᠎ᠠ᠃ | |